ᠠᠮᠧᠷᠢᠺᠠ ᠶᠢᠨ ᠲᠠᠭᠢᠶ᠎ᠠ ᠲᠠᠵᠢᠭᠡᠵᠤ ᠪᠠᠶᠢᠭ᠎ᠠ ᠠᠷᠭ᠎ᠠ ᠪᠠᠷᠢᠯ
ᠨᠡᠶᠢᠲᠡᠯᠡᠭᠰᠡᠨ ᠴᠠᠭ᠄
2016-07-16
   1. ᠨᠢᠭᠡ ᠨᠠᠰᠤᠨ ᠳᠤᠨᠢ ᠡᠭᠡᠯᠢᠯᠠᠬᠦ ᠠᠷᠭ᠎ᠠ᠃ ᠥᠨᠳᠡᠭᠡ ᠶᠢ ᠨᠠᠪᠴᠢᠬᠦᠯᠵᠤ 18 ᠡᠳᠤᠷ ᠪᠤᠯᠬᠤ ᠳᠤ᠂ ᠥᠨᠳᠠᠭᠡᠨ ᠬᠠᠯᠢᠰᠤᠨ ᠤ ᠲᠤᠷ᠎ᠠ ᠶᠢᠨ ᠨᠢᠭᠡ ᠭᠡᠰᠡᠭ ᠲᠤ ᠼᠤᠤ ᠬᠥᠢᠴᠯ ᠢᠶᠠᠷ ᠵᠥᠭᠡᠯᠠᠷᠠᠬᠦᠯᠵᠤ ᠸᠠᠺᠼᠢᠨ ᠢ ᠬᠥᠪᠤᠷᠠᠯ ᠳᠤ ᠲᠠᠷᠢᠪᠠᠯ ᠨᠠᠪᠴᠢᠵᠤ ᠭᠠᠷᠴᠤ ᠢᠷᠡᠭᠰᠠᠨ ᠴᠤᠷᠪᠠᠭ᠎ᠠ ᠲᠠᠷᠤᠢ ᠨᠢᠭᠡ ᠨᠠᠰᠤᠳᠠᠢ ᠳᠠᠭᠠᠨ ᠡᠭᠡᠯᠢᠯᠠᠬᠦ ᠴᠢᠳᠠᠪᠤᠷᠢ ᠲᠠᠢ ᠪᠤᠯᠳᠠᠭ ᠪᠠᠶᠢᠨ᠎ᠠ᠃   2. ᠰᠢᠭᠢᠷ ᠲᠠᠢ ᠤᠰᠤ ᠪᠷ ᠲᠠᠵᠢᠭᠡᠬᠦ ᠠᠷᠭ᠎ᠠ᠃ ᠴᠤᠷᠪᠠᠭ᠎ᠠ ᠨᠠᠪᠴᠢᠵᠤ ᠭᠠᠷᠴᠤ ᠢᠷᠠᠭᠡᠳ 15 ᠴᠠᠭ ᠤᠨ ᠲᠤᠳᠤᠷ᠎ᠠ ᠤᠤᠭᠤᠬᠤ ᠤᠰᠤᠨ ᠳᠤᠨᠢ 8% ᠶᠢᠨ ᠨᠢᠰᠢᠩᠬᠦ ᠶᠢᠨ ᠰᠢᠭᠢᠷ ᠤᠨ ᠠᠭᠤᠰᠤᠮᠠᠯ ᠢ ᠨᠠᠮᠠᠪᠠᠯ᠂ ᠥᠬᠦᠯ ᠤᠨ ᠨᠤᠷᠮ᠎ᠠ ᠶᠢ ᠬᠠᠭᠠᠰ ᠲᠤᠭ᠎ᠠ ᠪᠠᠷ ᠪᠠᠭᠠᠰᠬᠠᠵᠤ ᠪᠤᠯᠤᠨ᠎ᠠ᠃   3. ᠴᠤᠷᠪᠠᠭ᠎ᠠ ᠶᠢᠨ ᠰᠡᠴᠢᠭ ᠢ ᠬᠠᠶᠢᠴᠢᠯᠠᠬᠤ᠃ ᠴᠤᠷᠪᠠᠭ᠎ᠠ ᠨᠠᠪᠴᠢᠵᠤ ᠭᠠᠷᠴᠤ ᠢᠷᠠᠭᠡᠳ 24 ᠴᠠᠭ ᠤᠨ ᠲᠤᠳᠤᠷ᠎ᠠ ᠢᠳᠠᠰᠢᠯᠠᠵᠤ ᠡᠭᠢᠯᠠᠬᠦ ᠠᠴᠠ ᠡᠮᠤᠨ᠎ᠠ ᠡᠮ᠎ᠠ ᠲᠠᠭᠢᠶ᠎ᠠ ᠶᠢᠨ ᠰᠡᠴᠢᠭ ᠢ ᠨᠢ ᠬᠠᠶᠢᠴᠢᠯᠠᠵᠤ ᠬᠠᠶᠠᠪᠠᠯ ᠪᠤᠷᠳᠤᠭᠠᠨ ᠳᠤ ᠠᠷᠪᠢᠳᠠᠢ ᠮᠥᠷᠳᠠᠭᠡᠨ ᠪᠠᠶ᠎ᠠ ᠬᠥᠢᠴᠡᠭᠰᠠᠨ ᠤ ᠰᠠᠬᠦᠯᠠᠷᠭᠢ ᠰᠡᠴᠢᠭ ᠤᠨ ᠡᠯ᠎ᠠ ᠵᠥᠢᠯ ᠤᠨ ᠰᠢᠷᠬ᠎ᠠ  ᠠᠴᠠ ᠵᠠᠶᠢᠯᠠᠰᠭᠢᠵᠤ᠂ ᠥᠨᠳᠠᠭᠡᠯᠠᠬᠦ ᠨᠢ 4% ᠪᠠᠷ ᠲᠠᠭᠡᠭᠰᠢᠯᠠᠬᠦ ᠪᠤᠯᠤᠨ᠎ᠠ᠃   4. ᠰᠥᠰᠤᠨ ᠱᠥᠯᠳᠤ ᠨᠠᠮᠠᠵᠤ ᠲᠠᠵᠢᠭᠡᠬᠦ᠃ ᠪᠤᠷᠳᠤᠭᠠᠨ ᠳᠤᠨᠢ 0.05% ᠶᠢᠨ ᠰᠥᠰᠤᠨ ᠱᠥᠯᠳᠤ ᠨᠠᠮᠠᠵᠤ ᠲᠠᠵᠢᠭᠡᠪᠠᠯ ᠥᠨᠳᠠᠭᠡᠯᠠᠬᠦ ᠨᠢ 3% ᠪᠠᠷ ᠲᠠᠭᠡᠭᠰᠢᠯᠠᠨ᠂ ᠥᠨᠳᠠᠭᠡᠨ ᠤ ᠬᠥᠨᠳᠤ ᠨᠢ ᠲᠤᠮᠳᠠᠴᠢ ᠪᠠᠷ 2.8% ᠨᠠᠮᠡᠭᠳᠠᠬᠦ ᠪᠤᠯᠤᠨ᠎ᠠ᠃   5. ᠪᠤᠷᠳᠤᠭᠠᠨ ᠳᠤ ᠮᠠᠩᠭᠠᠨ ᠨᠠᠮᠠᠬᠦ᠃ ᠲᠠᠭᠢᠶᠠᠨ ᠤ ᠪᠤᠷᠳᠤᠭᠠᠨ ᠳᠤ 20ppm~25ppm ᠮᠠᠩᠭᠠᠨ ᠨᠠᠮᠠᠪᠠᠯ᠂ ᠲᠠᠭᠢᠶᠠᠨ ᠥᠨᠳᠡᠭᠡ ᠶᠢᠨ ᠬᠠᠯᠢᠰᠤ ᠨᠢ ᠬᠠᠳᠠᠭᠤᠷᠠᠬᠤ ᠪᠤᠯᠪᠠᠴᠤ ᠥᠨᠳᠡᠭᠡ ᠶᠢᠨ ᠬᠠᠯᠢᠰᠤᠨ ᠤ ᠵᠤᠵᠠᠭᠠᠨ  ᠨᠢ ᠨᠠᠮᠡᠭᠳᠠᠬᠦ ᠶᠤᠮ᠃   6. ᠭᠡᠷᠠᠯ ᠤᠨ ᠲᠤᠰᠤᠯᠳᠠ ᠶᠢ ᠬᠤᠪᠢᠷᠠᠭᠤᠯᠬᠤ᠃ ᠲᠠᠭᠢᠶ᠎ᠠ ᠥᠨᠳᠠᠭᠡᠯᠠᠬᠦ ᠠᠴᠠ ᠡᠮᠤᠨ᠎ᠠ ᠨᠢᠭᠡ ᠰᠠᠷ᠎ᠠ ᠳᠤ ᠡᠳᠤᠷ ᠤᠨ ᠥᠶᠠᠯᠠᠯ ᠢ 28 ᠴᠠᠭ ᠪᠤᠯᠭᠠᠨ ᠬᠤᠪᠢᠷᠠᠭᠤᠯᠵᠤ 12 ᠴᠠᠭ ᠭᠡᠷᠠᠯ ᠲᠤᠰᠬᠠᠨ᠂ 16 ᠴᠠᠭ ᠬᠠᠷᠠᠩᠭᠤᠢ ᠪᠠᠶᠢᠯᠭᠠᠬᠤ ᠠᠷᠭ᠎ᠠ ᠪᠠᠷ ᠭᠡᠷᠠᠯ ᠤᠨ ᠲᠤᠰᠤᠯᠳᠠ ᠶᠢ ᠬᠤᠪᠢᠷᠠᠭᠤᠯᠪᠠᠯ ᠥᠨᠳᠠᠭᠡᠯᠠᠬᠦ ᠭᠡᠮᠵᠢᠶ᠎ᠠ ᠨᠢ ᠲᠤᠮᠳᠠᠴᠢ ᠪᠠᠷ 10% ᠪᠠᠷ ᠨᠠᠮᠡᠭᠳᠠᠬᠦ ᠶᠢᠨ ᠲᠠᠭᠠᠤ ᠥᠨᠳᠠᠭᠡᠨ ᠬᠠᠯᠢᠰᠤ ᠬᠠᠳᠠᠭᠤ ᠮᠥᠷᠳᠠᠭᠡᠨ ᠪᠠᠭ᠎ᠠ  ᠭᠡᠯᠪᠠᠷᠢ ᠶᠢᠨ ᠥᠨᠳᠡᠭᠡ ᠥᠳᠠᠭᠡᠯᠠᠬᠦ ᠥᠭᠡᠢ ᠶᠤᠮ᠃   7. ᠲᠠᠭᠤᠤ ᠬᠥᠭᠵᠢᠮ ᠰᠤᠨᠤᠰᠬᠠᠬᠤ᠃ ᠴᠤᠷᠪᠠᠭ᠎ᠠ ᠨᠠᠪᠴᠢᠵᠤ ᠭᠠᠷᠴᠤ ᠢᠷᠠᠬᠦ ᠥᠶᠠᠰ ᠴᠤᠷᠪᠠᠭ᠎ᠠ ᠶᠢᠨ ᠬᠠᠯᠢᠰᠤᠨ ᠠᠴᠠ ᠭᠠᠷᠴᠤ ᠢᠷᠠᠬᠦ ᠥᠶ᠎ᠠ ᠶᠢᠨ ᠲᠠᠭᠤᠨ ᠢ ᠰᠤᠨᠤᠰᠬᠠᠪᠠᠯ᠂ ᠴᠤᠷᠪᠠᠭ᠎ᠠ ᠶᠢᠨ ᠭᠠᠷᠴᠤ ᠢᠷᠠᠬᠦ ᠨᠢ ᠨᠢᠭᠡᠳᠤᠯᠳᠠᠢ ᠪᠤᠯᠵᠤ ᠥᠨᠳᠡᠭᠡ ᠨᠠᠪᠴᠢᠬᠦ ᠨᠤᠷᠮ᠎ᠠ ᠨᠢ ᠲᠠᠭᠡᠭᠰᠢᠯᠠᠵᠤ᠂ ᠨᠢᠭᠡ ᠡᠳᠤᠷ ᠰᠥᠨᠢ ᠳᠤ ᠢᠷᠠᠭᠤ ᠲᠠᠭᠤᠤ ᠶᠢ ᠡᠪᠳᠠᠢ ᠰᠠᠶᠢᠬᠠᠨ 12 ᠴᠠᠭ ᠰᠤᠨᠤᠰᠬᠠᠵᠤ᠂ 1 ᠴᠠᠭ ᠨᠠᠪᠳᠠᠷᠠᠬᠦᠯᠪᠠᠯ 1 ᠴᠠᠭ ᠵᠤᠭᠰᠤᠭᠠᠵᠤ᠂ ᠲᠠᠷᠠᠭᠠᠯᠠᠨ 7 ᠭᠠᠷᠠᠭ ᠠᠴᠠ 8 ᠭᠠᠷᠠᠭ ᠥᠷᠬᠦᠯᠵᠢᠯᠠᠬᠦᠯᠤᠨ᠎ᠠ᠃ ᠲᠤᠰ ᠠᠷᠭ᠎ᠠ ᠨᠢ ᠲᠠᠭᠢᠶᠠᠨ ᠤ ᠡᠳᠤᠷ ᠤᠨ ᠬᠥᠨᠳᠤ  ᠶᠢ 3% ᠪᠠᠷ ᠨᠠᠮᠡᠭᠳᠠᠬᠦᠯᠬᠦ ᠪᠤᠯᠤᠨ᠎ᠠ᠃   ᠡᠳᠠᠭᠡᠷ ᠠᠷᠭ᠎ᠠ ᠨᠤᠭᠤᠳ ᠢ ᠠᠮᠧᠷᠢᠺᠠ ᠶᠢᠨ ᠮᠢᠬᠠᠨ ᠲᠠᠭᠢᠶ᠎ᠠ ᠪᠤᠯᠤᠨ ᠥᠨᠳᠠᠭᠡᠨ ᠲᠠᠭᠢᠶ᠎ᠠ ᠲᠠᠵᠢᠭᠡᠬᠦ ᠲᠠᠯᠠᠪᠠᠢ ᠳᠤ ᠨᠠᠶᠢᠳᠠᠮ ᠭᠡᠷᠡᠭᠯᠠᠵᠤ ᠤᠷᠤᠯᠭ᠎ᠠ ᠪᠠᠨ ᠨᠠᠮᠡᠭᠳᠠᠬᠦᠯᠵᠤ ᠪᠠᠶᠢᠨ᠎ᠠ᠃
 
ᠢᠷᠡᠯᠲᠡ᠄ ᠤᠯᠠᠭᠠᠨ ᠬᠠᠳᠠ ᠶᠢᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号