ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠭᠡᠭᠴᠢ ᠨᠢ ᠪᠠᠯᠴᠢᠭᠡᠷ ᠢᠶᠠᠨ ᠵᠤᠭᠢᠬᠤ ᠭᠡᠮᠵᠢᠶ᠎ᠠ ᠲᠠᠢ ᠭᠡᠰᠡᠭᠯᠠᠨ | ᠬᠤᠪᠢᠶᠠᠵᠤ᠂ ᠲᠠᠬᠦᠨ ᠳᠡᠭᠡᠨ ᠲᠤᠭᠳᠠᠭᠰᠠᠨ ᠬᠤᠭᠤᠴᠠᠭ᠎ᠠ ᠲᠠᠢ ᠡᠭᠡᠯᠵᠢᠯᠠᠬᠦᠯᠤᠨ ᠮᠠᠯ ᠢᠶᠠᠨ ᠪᠠᠯᠴᠢᠭᠡᠷᠯᠠᠬᠦᠯᠵᠤ | ᠠᠰᠢᠭᠯᠠᠬᠤ ᠭᠡᠯᠪᠠᠷᠢ ᠶᠢ ᠭᠡᠯᠠᠵᠤ ᠪᠠᠶᠢᠨ᠎ᠠ᠃ ᠡᠨᠡ ᠨᠢ ᠨᠢᠭᠡ ᠵᠥᠢᠯ ᠤᠨ ᠴᠢᠯᠤᠭᠡᠳᠤ ᠮᠠᠯᠵᠢᠯᠭ᠎ᠠ ᠶᠢᠨ ᠪᠥᠳᠤᠬᠦᠯᠢᠭ | ᠡᠵᠡᠩᠨᠠᠯᠳᠠ ᠶᠢᠨ ᠭᠡᠯᠪᠠᠷᠢ ᠪᠠᠶᠢᠵᠤ᠂ ᠪᠠᠯᠴᠢᠭᠡᠷ ᠢᠶᠠᠨ ᠵᠥᠢ ᠵᠤᠭᠢᠰᠳᠠᠢ ᠠᠰᠢᠭᠯᠠᠬᠤ ᠰᠢᠨᠵᠢᠯᠠᠬᠦ ᠤᠬᠠᠭᠠᠨᠴᠢ ᠪᠥᠭᠡᠳ | ᠲᠠᠷᠢᠬᠦᠨ ᠤ ᠮᠠᠯ ᠬᠠᠷᠢᠭᠤᠯᠵᠤ ᠠᠰᠢᠭᠯᠠᠬᠤ ᠠᠷᠭ᠎ᠠ ᠪᠠᠷᠢᠯ ᠪᠤᠯᠤᠨ᠎ᠠ᠃ ᠲᠤᠰ ᠠᠷᠭ᠎ᠠ ᠶᠢ ᠲᠠᠯᠠᠭᠡᠢ ᠶᠢᠨ ᠡᠯ᠎ᠠ | ᠤᠯᠤᠰ ᠤᠨ ᠬᠢᠨ ᠨᠠᠶᠢᠳᠠᠮ ᠭᠡᠷᠡᠭᠯᠠᠵᠤ ᠪᠠᠶᠢᠨ᠎ᠠ᠃ | ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠨᠢ ᠡᠪᠠᠰᠤ ᠤᠷᠭᠤᠮᠠᠯ ᠤᠨ ᠲᠠᠭᠢᠨ ᠤᠷᠭᠤᠬᠤ ᠤᠨᠴᠠᠯᠢᠭ ᠢ | ᠥᠨᠳᠤᠰᠤᠯᠠᠵᠤ᠂ ᠲᠥᠯᠤᠪᠯᠡᠭᠡ ᠲᠠᠢ᠂ ᠠᠯᠬᠤᠮ ᠲᠠᠷᠠᠭ᠎ᠠ ᠲᠠᠢ ᠪᠠᠷ ᠮᠠᠯ ᠮᠠᠯᠵᠢᠬᠤ ᠭᠡᠯᠪᠠᠷᠢ ᠪᠤᠯᠤᠨ᠎ᠠ᠂ ᠲᠠᠷᠨ ᠨᠢ | ᠨᠢᠭᠡ ᠲᠠᠯ᠎ᠠ ᠪᠠᠷ ᠪᠠᠯᠴᠢᠭᠡᠷ ᠢᠶᠠᠨ ᠲᠤᠭᠳᠠᠭᠰᠠᠨ ᠬᠤᠭᠤᠴᠠᠭ᠎ᠠ ᠲᠠᠢ ᠰᠠᠯᠬᠦᠨ ᠠᠮᠤᠰᠭᠢᠯᠭᠠᠵᠤ᠂ ᠲᠠᠵᠢᠭᠡᠯ | ᠡᠪᠠᠰᠤᠨ ᠤ ᠤᠷᠭᠤᠯᠳᠠ ᠳᠤ ᠬᠥᠢᠴᠠᠳ ᠬᠤᠭᠤᠴᠠᠭ᠎ᠠ ᠤᠯᠭᠤᠨ ᠥᠭᠴᠤ᠂ ᠡᠪᠠᠰᠤ ᠤᠷᠭᠤᠮᠠᠯ ᠤᠨ ᠤᠷᠭᠤᠴᠨ ᠶᠢᠨ | ᠲᠠᠯᠳᠠ ᠬᠥᠴᠤᠨ ᠢ ᠨᠢ ᠬᠥᠢᠴᠠᠳ ᠪᠠᠳᠠᠷᠠᠭᠤᠯᠵᠤ ᠴᠢᠳᠠᠳᠠᠭ᠃ ᠨᠥᠬᠦᠭᠡ ᠲᠠᠯ᠎ᠠ ᠪᠠᠷ ᠮᠠᠯ ᠰᠥᠷᠥᠭ ᠤᠨ ᠰᠢᠮ᠎ᠠ | ᠲᠠᠵᠢᠭᠡᠯ ᠤᠨ ᠱᠠᠭᠠᠷᠳᠠᠯᠭ᠎ᠠ ᠪᠤᠯᠤᠨ ᠡᠪᠠᠰᠤ ᠤᠷᠭᠤᠮᠠᠯ ᠤᠨ ᠤᠷᠭᠤᠴᠨ ᠶᠢᠨ ᠱᠠᠭᠠᠷᠳᠠᠯᠭ᠎ᠠ ᠶᠢ ᠤᠷᠭᠠᠨᠢᠭ ᠢᠶᠠᠷ | ᠤᠶᠠᠯᠳᠤᠭᠤᠯᠵᠤ ᠴᠢᠳᠠᠳᠠᠭ᠃ ᠡᠶᠢᠮᠤ ᠠᠴᠠ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠨᠢ ᠪᠠᠯᠴᠢᠭᠡᠷ ᠢᠶᠠᠨ | ᠬᠠᠮᠤᠭ ᠤᠨ ᠶᠡᠭᠡ ᠭᠡᠮᠵᠢᠶ᠎ᠠ ᠪᠠᠷ ᠪᠥᠷᠢᠨ ᠬᠥᠢᠴᠠᠳ ᠠᠰᠢᠭᠯᠠᠵᠤ ᠴᠢᠳᠠᠬᠤ ᠮᠥᠷᠳᠠᠭᠡᠨ ᠪᠠᠰᠨ ᠲᠠᠴᠢᠷᠳᠠᠭᠤᠯᠬᠤ | ᠥᠭᠡᠢ᠂ ᠮᠠᠯ ᠤᠨ ᠠᠰᠢᠭ ᠰᠢᠮ᠎ᠠ ᠶᠢᠨ ᠭᠠᠷᠤᠯᠳᠠ ᠶᠢᠨ ᠲᠤᠭ᠎ᠠ ᠭᠡᠮᠵᠢᠶ᠎ᠠ ᠪᠠ ᠴᠢᠨᠠᠷ ᠤᠨ ᠨᠠᠮᠡᠭᠳᠠᠯ ᠳᠤ ᠴᠥᠮ | ᠠᠰᠢᠭ ᠲᠠᠢ ᠪᠤᠯᠬᠤᠷ᠂ ᠲᠠᠷᠨ ᠨᠢ ᠪᠠᠯᠴᠢᠭᠡᠷ ᠤᠨ ᠮᠠᠯ ᠠᠵᠤ ᠠᠬᠤᠢ ᠶᠢ ᠥᠷᠬᠦᠯᠵᠢᠯᠠᠨ ᠬᠥᠭᠵᠢᠬᠦᠯᠬᠦ ᠳᠤ | ᠲᠦᠢᠯ ᠤᠨ ᠴᠢᠬᠤᠯᠨ ᠠᠴᠢ ᠬᠤᠯᠪᠤᠭᠳᠠᠯ ᠲᠠᠢ ᠶᠤᠮ᠃ | ᠨᠢᠭᠡ᠂ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠶᠢᠨ ᠰᠠᠶᠢᠨ ᠲᠠᠯ᠎ᠠ | 1. ᠪᠠᠯᠴᠢᠭᠡᠷ ᠤᠨ ᠲᠠᠯᠠᠪᠠᠢ ᠶᠢ ᠭᠠᠮᠨᠠᠨ ᠠᠷᠪᠢᠯᠠᠵᠤ᠂ ᠮᠠᠯ ᠤᠨ ᠪᠠᠭᠳᠠᠭᠠᠮᠵᠢ ᠶᠢᠨ ᠭᠡᠮᠵᠢᠶ᠎ᠠ ᠶᠢ | ᠲᠠᠭᠡᠭᠰᠢᠯᠠᠬᠦᠯᠤᠨ᠎ᠠ᠃ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠳᠤ ᠮᠠᠯ ᠨᠢ ᠥᠷᠬᠦᠯᠵᠢ ᠲᠤᠭᠢᠷᠠᠭᠤᠯᠵᠤ | ᠪᠠᠯᠠᠳᠭᠡᠭᠰᠠᠨ ᠲᠤᠭᠳᠠᠭᠰᠠᠨ ᠭᠡᠮᠵᠢᠶ᠎ᠠ ᠲᠠᠢ ᠵᠢᠵᠢᠭ ᠲᠤᠭᠤᠷᠢᠭ ᠲᠠᠬᠢ ᠲᠠᠵᠢᠭᠡᠯ ᠡᠪᠠᠰᠤ ᠪᠠᠨ | ᠲᠤᠭᠳᠠᠭᠰᠠᠨᠬᠤᠭᠤᠴᠠᠭᠠᠨ ᠳᠤ ᠲᠠᠬᠦᠵᠤ ᠢᠳᠠᠰᠢᠯᠠᠳᠡᠭ ᠪᠤᠯᠬᠤᠷ᠂ ᠲᠠᠵᠢᠭᠡᠯ ᠡᠪᠠᠰᠤᠨ ᠤ ᠠᠰᠢᠭᠯᠠᠮᠵᠢ ᠶᠢᠨ ᠨᠤᠷᠮ᠎ᠠ | ᠶᠢ20% ~ 30% ᠪᠠᠷ ᠲᠠᠭᠡᠭᠰᠢᠯᠠᠬᠦᠯᠵᠤ ᠲᠠᠶᠢᠯᠤᠨ᠎ᠠ᠃ | 2. ᠮᠠᠯ ᠤᠨ ᠥᠢᠯᠠᠳᠪᠤᠷᠢᠯᠠᠯ ᠤᠨ ᠴᠢᠳᠠᠪᠭᠢ ᠨᠢ ᠲᠠᠭᠡᠭᠰᠢᠯᠠᠨᠠ᠃ ᠲᠤᠭᠤᠷᠢᠭ ᠬᠤᠪᠢᠶᠠᠨ ᠡᠭᠡᠯᠵᠢᠯᠠᠨ | ᠮᠠᠯᠵᠢᠬᠤ ᠳᠤ ᠮᠠᠯ ᠨᠢ ᠥᠷᠬᠦᠯᠵᠢ ᠰᠢᠨ᠎ᠠ ᠰᠤᠷᠭᠤᠭ ᠪᠥᠭᠡᠳ ᠤᠭᠤᠷᠠᠭ ᠤᠨ ᠠᠭᠤᠯᠤᠭᠳᠠᠴᠨ ᠪᠠᠷ ᠥᠨᠳᠤᠷ ᠲᠠᠭᠢᠨ | ᠤᠷᠭᠤᠭᠰᠠᠨ ᠲᠠᠵᠢᠭᠡᠯ ᠡᠪᠠᠰᠤ ᠶᠢ ᠢᠳᠠᠰᠢᠯᠠᠳᠡᠭ ᠪᠤᠯᠬᠤᠷ᠂ ᠥᠩᠭᠡᠷᠡᠭᠰᠠᠨ ᠤ ᠴᠢᠯᠤᠭᠡᠳᠤ ᠮᠠᠯᠵᠢᠯᠭ᠎ᠠ ᠶᠢᠨ ᠰᠢᠭ᠋ | ᠢᠶᠠᠷ ᠰᠢᠨ᠎ᠠ ᠰᠤᠷᠭᠤᠭ ᠲᠠᠵᠢᠭᠡᠯ ᠡᠪᠠᠰᠤ ᠶᠢ ᠡᠷᠢᠯᠭᠢᠯᠠᠨ ᠬᠥᠶᠤᠵᠤ ᠪᠠᠶᠠᠨ ᠳᠠᠬᠢ ᠡᠨᠧᠷᠭᠢ ᠪᠤᠯᠤᠨ ᠰᠢᠮ᠎ᠠ ᠬᠥᠴᠤ | ᠪᠠᠨ ᠬᠤᠷᠤᠭᠳᠠᠭᠤᠯᠬᠤ ᠶᠢ ᠨᠢ ᠪᠠᠭᠠᠰᠬᠠᠵᠤ ᠲᠠᠶᠢᠯᠤᠨ᠎ᠠ᠃ ᠡᠶᠢᠮᠤ ᠠᠴᠠ ᠮᠠᠯ ᠤᠨ ᠥᠢᠯᠠᠳᠪᠤᠷᠢᠯᠠᠯ ᠤᠨ ᠬᠥᠴᠤ ᠶᠢ | ᠨᠢ 35% ᠭᠠᠷᠤᠢ ᠪᠠᠷ ᠲᠠᠭᠡᠭᠰᠢᠯᠠᠬᠦᠯᠵᠤ ᠪᠤᠯᠤᠨ᠎ᠠ᠃ | 3. ᠮᠠᠯ ᠳᠤ ᠰᠢᠮᠠᠬᠦᠷᠢ ᠬᠤᠷᠤᠬᠠᠢ ᠶᠢᠨ ᠬᠠᠯᠳᠠᠪᠤᠷᠢᠯᠠᠬᠤ ᠲᠤᠭᠢᠶᠠᠯ ᠢ ᠪᠠᠭᠠᠰᠬᠠᠵᠤ ᠴᠢᠳᠠᠨ᠎ᠠ᠃ ᠨᠢᠭᠡ ᠭᠡᠰᠡᠭ | ᠪᠠᠯᠴᠢᠭᠡᠷ ᠲᠠᠭᠡᠷ᠎ᠠ ᠮᠠᠯ ᠢ ᠤᠳᠠᠭᠠᠨ ᠬᠤᠭᠤᠴᠠᠭ᠎ᠠ ᠪᠠᠯᠴᠢᠭᠡᠷᠯᠠᠬᠦᠯᠪᠠᠯ ᠮᠠᠯ ᠳᠤ ᠰᠢᠮᠠᠬᠦᠷ ᠬᠤᠷᠤᠬᠠᠢ ᠬᠠᠯᠳᠠᠪᠤᠷᠢᠯᠠᠬᠤ | ᠲᠤᠭᠢᠶᠠᠯ ᠨᠢ ᠢᠯᠠᠬᠦᠤ ᠪᠠᠶᠢᠳᠠᠭ᠃ ᠡᠭᠡᠯᠵᠢᠯᠠᠨ ᠮᠠᠯᠵᠢᠪᠠᠯ ᠡᠬᠦᠨ ᠠᠴᠠ ᠵᠠᠶᠢᠯᠠᠰᠭᠢᠵᠤ ᠴᠢᠳᠠᠨ᠎ᠠ᠃ | 4. ᠮᠠᠯ ᠰᠥᠷᠥᠭ ᠲᠡᠭᠡᠨ ᠰᠢᠨᠵᠢᠯᠠᠬᠦ ᠤᠬᠠᠭᠠᠨᠴᠢ ᠬᠠᠮᠢᠶᠠᠷᠤᠯᠳᠠ ᠭᠢᠬᠦ ᠳᠤ ᠲᠥᠬᠦᠮ ᠪᠠᠶᠢᠳᠠᠭ᠃ ᠲᠤᠭᠤᠷᠢᠭ | ᠬᠤᠪᠢᠶᠠᠨ ᠡᠭᠡᠯᠵᠢᠯᠠᠨ ᠮᠠᠯᠵᠢᠬᠤ ᠨᠢ ᠬᠥᠮᠤᠨ ᠤ ᠬᠥᠴᠤᠨ ᠳᠤ ᠠᠷᠪᠢᠳᠠᠢ᠂ ᠪᠠᠯᠴᠢᠭᠡᠷ ᠲᠡᠭᠡᠨ ᠵᠤᠭᠢᠴᠠᠭᠰᠠᠨ | ᠥᠨᠳᠤᠷ ᠮᠠᠯ ᠤᠨ ᠪᠠᠭᠳᠠᠭᠠᠮᠵᠢ ᠶᠢᠨ ᠭᠡᠮᠵᠢᠶ᠎ᠠ ᠶᠢ ᠡᠵᠠᠮᠳᠠᠵᠤ ᠴᠢᠳᠠᠬᠤ ᠮᠥᠷᠳᠠᠭᠡᠨ ᠪᠠᠰᠨ ᠡᠪᠠᠰᠤ᠂ ᠬᠥᠷᠤᠰᠤᠨ ᠤ | ᠰᠢᠮ᠎ᠠ ᠲᠠᠵᠢᠭᠡᠯ ᠢ ᠵᠤᠭᠢᠴᠠᠭᠤᠯᠵᠤ ᠴᠢᠳᠠᠨ᠎ᠠ᠃ | ᠬᠤᠶᠠᠷ᠂ ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ | 1. ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠭᠡᠰᠡᠭ ᠢ ᠰᠤᠩᠭᠤᠬᠤ | ① ᠤᠰᠤᠨ ᠤ ᠡᠭᠢ ᠰᠤᠷᠪᠤᠯᠵᠢ ᠠᠴᠠ ᠤᠢᠢᠷ᠎ᠠ ᠪᠤᠶᠤ ᠭᠠᠵᠠᠷ ᠲᠤᠤᠷᠠᠭᠢ ᠤᠰᠤᠨ ᠲᠥᠪᠰᠢᠨ ᠨᠢ ᠨᠠᠯᠢᠶᠠᠳ | ᠥᠨᠳᠤᠷ᠂ ᠮᠠᠯ ᠰᠥᠷᠥᠭ ᠤᠨ ᠤᠰᠤᠨ ᠤ ᠱᠠᠭᠠᠷᠳᠠᠯᠭ᠎ᠠ ᠶᠢ ᠬᠥᠢᠴᠠᠳ ᠬᠠᠩᠭᠠᠵᠤ ᠲᠠᠶᠢᠯᠬᠦ ᠪᠠᠯᠴᠢᠭᠡᠷ ᠢ ᠰᠤᠩᠭᠤᠪᠠᠯ | ᠰᠠᠶᠢᠨ ᠶᠤᠮ᠃ | ② ᠪᠠᠯᠴᠢᠭᠡᠷ ᠤᠨ ︽ᠭᠡᠷᠡᠭᠯᠠᠬᠦ ᠡᠷᠭᠡ︾ ᠶᠢ ᠨᠢᠭᠡᠨᠳᠠ ᠲᠤᠭᠳᠠᠪᠤᠷᠢᠵᠢᠭᠤᠯᠤᠭᠰᠠᠨ ᠪᠠᠯᠴᠢᠭᠡᠷ ᠢ ᠰᠤᠩᠭᠤᠨ᠎ᠠ᠃ | | 2. ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠲᠥᠰᠤᠪ ᠢᠶᠠᠨ ᠲᠤᠭᠳᠠᠭᠠᠬᠤ | ① ᠥᠨᠳᠤᠰᠤᠯᠠᠯ | ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠭᠡᠰᠡᠭ ᠤᠨ ᠢᠶᠠᠨ ᠪᠠᠯᠴᠢᠭᠡᠷ ᠤᠨ ᠲᠥᠷᠤᠯ ᠭᠡᠯᠪᠠᠷᠢ᠂ | ᠪᠠᠯᠴᠢᠭᠡᠷ ᠤᠨ ᠲᠠᠯᠠᠪᠠᠢ᠂ ᠪᠠᠯᠴᠢᠭᠡᠷ ᠤᠨ ᠤᠨᠠᠯᠳᠠ᠂ ᠭᠠᠵᠠᠷ ᠤᠨ ᠪᠠᠶᠢᠴᠨ᠂ ᠨᠥᠬᠦᠪᠤᠷᠢ ᠡᠪᠠᠰᠤ ᠪᠤᠷᠳᠤᠭᠠᠨ ᠤ | ᠢᠷᠠᠯᠳᠠ ︵ᠨᠥᠬᠦᠪᠤᠷᠢ ᠵᠢᠵᠢᠭ ᠲᠤᠭᠤᠷᠢᠭ︶ ᠪᠠ ᠮᠠᠯᠵᠢᠵᠤ ᠪᠥᠬᠦᠢ ᠮᠠᠯ ᠤᠨ ᠲᠥᠷᠤᠯ᠂ ᠰᠥᠷᠥᠭ ᠤᠨ ᠪᠥᠳᠤᠴᠨ᠂ | ᠠᠷᠠᠴᠢᠯᠠᠭ᠎ᠠ ᠬᠠᠮᠢᠶᠠᠷᠤᠯᠳᠠ ᠶᠢᠨ ᠪᠠᠶᠢᠳᠠᠯ᠂ ᠮᠠᠯ ᠤᠨ ᠭᠠᠷᠭᠠᠯᠳᠠ ᠶᠢᠨ ᠭᠡᠮᠵᠢᠶ᠎ᠠ᠂ ᠲᠥᠯ ᠤᠨ ᠪᠤᠶᠢᠵᠢᠯᠳᠠ ᠶᠢᠨ | ᠪᠠᠶᠢᠳᠠᠯ ᠵᠠᠷᠭᠡ ᠳᠡᠭᠡᠨ ᠨᠠᠷᠢᠨ ᠨᠢᠮᠪᠠᠢ ᠪᠠᠶᠢᠴᠠᠭᠠᠯᠳᠠ ᠭᠢᠵᠤ ᠬᠥᠢᠴᠠᠳ ᠪᠤᠳᠤᠯᠭᠢᠯᠠᠭᠰᠠᠨ ᠰᠠᠭᠤᠷᠢᠨ ᠲᠠᠭᠡᠷ᠎ᠠ | ᠪᠠᠯᠴᠢᠭᠡᠷ ᠤᠨ ᠲᠠᠭᠠᠭᠠᠴᠨ ᠶᠢᠨ ᠪᠠᠶᠢᠳᠠᠯ ᠪᠠ ᠨᠥᠬᠦᠪᠤᠷᠢ ᠲᠠᠵᠢᠭᠡᠯ ᠪᠤᠷᠳᠤᠭᠠᠨ ᠤ ᠪᠠᠨ ᠪᠠᠶᠢᠳᠠᠯ ᠢᠶᠠᠨ | ᠥᠨᠳᠤᠰᠤᠯᠠᠵᠤ ᠪᠥᠬᠦᠯᠢ ᠵᠢᠯ ᠢᠶᠠᠷ ᠡᠭᠡᠯᠵᠢᠯᠠᠨ ᠮᠠᠯᠵᠢᠬᠤ ᠪᠤᠶᠤ ᠲᠤᠯᠠᠭᠠᠨ᠂ ᠬᠥᠢᠳᠠᠨ ᠤᠯᠠᠷᠢᠯ ᠬᠤᠪᠢᠶᠠᠨ | ᠡᠭᠡᠯᠵᠢᠯᠠᠨ ᠮᠠᠯᠵᠢᠬᠤ ᠲᠥᠰᠤᠪ ᠢᠶᠠᠨ ᠲᠤᠭᠳᠠᠭᠠᠨ᠎ᠠ᠃ | ② ᠵᠢᠵᠢᠭ ᠲᠤᠭᠤᠷᠢᠭ ᠤᠨ ᠲᠤᠭ᠎ᠠ ᠶᠢ ᠲᠤᠭᠳᠠᠭᠠᠬᠤ | ᠲᠤᠭᠤᠷᠢᠭ ᠬᠤᠪᠢᠶᠠᠨ ᠡᠭᠡᠯᠵᠢᠯᠠᠨ ᠮᠠᠯᠵᠢᠬᠤ ᠵᠢᠵᠢᠭ ᠲᠤᠭᠤᠷᠢᠭ ᠤᠨ ᠲᠤᠭ᠎ᠠ ᠶᠢ ᠲᠤᠭᠳᠠᠭᠠᠬᠤ ᠳᠤ ᠡᠩ | ᠲᠠᠷᠢᠬᠦᠨ ᠳᠤ ᠡᠭᠡᠯᠵᠢᠯᠠᠨ ᠮᠠᠯᠵᠢᠬᠤ ᠥᠶᠠᠯᠠᠯᠳᠤ ᠬᠤᠭᠤᠴᠠᠭ᠎ᠠ ᠪᠤᠯᠤᠨ ᠡᠭᠡᠯᠵᠢᠯᠠᠨ ᠮᠠᠯᠵᠢᠬᠤ ᠲᠠᠪᠳᠠᠮᠵᠢ ᠪᠠᠨ | ᠲᠤᠭᠳᠠᠭᠠᠬᠤ ᠴᠢᠬᠤᠯᠠᠳᠠᠢ ᠶᠤᠮ᠃ | ᠡᠭᠡᠯᠵᠢᠯᠠᠨ ᠮᠠᠯᠵᠢᠬᠤ ᠥᠶᠠᠯᠠᠯᠳᠤ ᠬᠤᠭᠤᠴᠠᠭ᠎ᠠ ᠭᠡᠭᠴᠢ ᠨᠢ ᠬᠤᠪᠢᠶᠠᠷᠢᠯᠠᠭᠰᠠᠨ ᠵᠢᠵᠢᠭ ᠲᠤᠭᠤᠷᠢᠭ ᠤᠤᠨᠵᠢᠨᠨ | ᠪᠥᠬᠦᠨ ᠢ ᠨᠢᠭᠡ ᠤᠳᠠᠭ᠎ᠠ ᠠᠰᠢᠭᠯᠠᠬᠤ ᠳᠤ ᠭᠡᠷᠡᠭᠰᠠᠬᠦ ᠴᠠᠭ ᠬᠤᠭᠤᠴᠠᠭ᠎ᠠ ᠶᠢ ᠭᠡᠯᠠᠵᠤ ᠪᠠᠶᠢᠨ᠎ᠠ᠃ ᠥᠭᠡᠷ᠎ᠠ ᠪᠠᠷ | ᠭᠡᠯᠠᠪᠠᠯ᠂ ᠨᠢᠭᠡᠳᠤᠭᠡᠷ ᠵᠢᠵᠢᠭ ᠲᠤᠭᠤᠷᠢᠭ ᠢᠶᠠᠨ ᠨᠢᠭᠡᠳᠤᠭᠡᠷ ᠤᠳᠠᠭ᠎ᠠ ᠮᠠᠯ ᠪᠠᠯᠴᠢᠭᠡᠷᠯᠠᠬᠦᠯᠵᠤ ᠠᠰᠢᠭᠯᠠᠬᠤ ᠠᠴᠠ | ᠠᠪᠤᠭᠠᠳ ᠲᠠᠭᠢᠨ ᠬᠤᠶᠠᠳᠤᠭᠠᠷ ᠤᠳᠠᠭ᠎ᠠ ᠮᠠᠯ ᠢᠶᠠᠨ ᠪᠠᠯᠴᠢᠭᠡᠷᠯᠠᠬᠦᠯᠵᠤ ᠠᠰᠢᠭᠯᠠᠬᠤ ᠬᠥᠷᠳᠠᠯᠠᠭᠢ ᠶᠢᠨ | ᠬᠤᠭᠤᠷᠤᠨᠳᠤᠭᠢ ᠵᠠᠪᠰᠠᠷᠯᠠᠭᠰᠠᠨ ᠴᠠᠭ ᠬᠤᠭᠤᠴᠠᠭ᠎ᠠ ᠶᠢ ᠭᠡᠯᠠᠵᠤ ᠪᠠᠶᠢᠨ᠎ᠠ᠃ | ᠡᠭᠡᠯᠵᠢᠯᠠᠨ ᠮᠠᠯᠵᠢᠬᠤ ᠥᠶᠠᠯᠠᠯᠳᠤ ᠬᠤᠭᠤᠴᠠᠭᠠᠨ ᠤ ᠤᠷᠳᠤ ᠤᠬᠤᠷ ᠨᠢ ᠭᠤᠤᠯᠳᠠᠭᠤ ᠪᠠᠯᠴᠢᠭᠡᠷ ᠤᠨ ᠲᠥᠷᠤᠯ | ᠭᠡᠯᠪᠠᠷᠢ᠂ ᠲᠠᠵᠢᠭᠡᠯ ᠡᠪᠠᠰᠤᠨ ᠤ ᠲᠠᠭᠢᠨ ᠤᠷᠭᠤᠬᠤ ᠴᠢᠨᠠᠷ ᠪᠠᠶᠢᠭᠠᠯᠢ ᠶᠢᠨ ᠨᠥᠬᠦᠴᠠᠯ ᠪᠠ ᠪᠠᠯᠴᠢᠭᠡᠷ ᠤᠨ | ᠬᠠᠮᠢᠶᠠᠷᠤᠯᠳᠠ ᠶᠢᠨ ᠠᠷᠭ᠎ᠠ ᠪᠠᠷᠢᠯ ᠵᠠᠷᠭᠡ ᠬᠥᠴᠤᠨ ᠵᠥᠢᠯ ᠤᠨ ᠥᠨᠳᠤᠰᠤᠯᠠᠯ ᠢᠶᠠᠷ ᠢᠷᠠᠵᠤ ᠲᠤᠭᠳᠠᠭᠠᠭᠳᠠᠨ᠎ᠠ᠃ | ᠡᠶᠢᠮᠤ ᠠᠴᠠ ᠭᠤᠤᠯᠳᠠᠭᠤ ᠲᠤᠬᠠᠢ ᠶᠢᠨ ᠭᠠᠵᠠᠷ ᠤᠷᠤᠨ ᠤ ᠪᠠᠨ ᠪᠠᠶᠢᠳᠠᠯ ᠪᠠ ᠪᠠᠯᠴᠢᠭᠡᠷ ᠤᠨ ᠢᠶᠠᠨ ᠪᠤᠳᠠᠳᠤ | ᠪᠠᠶᠢᠳᠠᠯ ᠳᠠᠭᠠᠨ ᠲᠤᠭᠢᠷᠠᠭᠤᠯᠵᠤ ᠲᠤᠭᠳᠠᠭᠠᠨ᠎ᠠ᠃ | ᠭᠡᠰᠡᠭᠯᠡᠭᠰᠠᠨ ᠵᠢᠵᠢᠭ ᠲᠤᠭᠤᠷᠢᠭ ᠲᠤᠳᠤᠷ᠎ᠠ ᠪᠠᠨ ᠮᠠᠯ ᠪᠠᠯᠴᠢᠭᠡᠷᠯᠠᠬᠦᠯᠬᠦ ᠴᠠᠭ ᠬᠤᠭᠤᠴᠠᠭ᠎ᠠ ᠶᠢ ᠶᠠᠷᠤ ᠳᠡᠭᠡᠨ | ᠨᠢᠭᠡ ᠤᠳᠠᠭ᠎ᠠ ᠳᠤ 3~5 ᠡᠳᠤᠷ ᠢᠶᠠᠷ ᠪᠠᠷᠢᠮᠵᠢᠶᠠᠯᠠᠵᠤ᠂ ᠬᠠᠮᠤᠭ ᠠᠷᠪᠢᠨ ᠳᠠᠭᠠᠨ 6 ᠡᠳᠤᠷ ᠠᠴᠠ ᠭᠡᠳᠤᠷᠠᠬᠦᠯᠬᠦ | ᠥᠭᠡᠢ ᠪᠠᠶᠢᠯᠭᠠᠪᠠᠯ ᠲᠤᠭᠢᠷᠠᠮᠵᠢᠳᠠᠢ ᠶᠤᠮ᠃ ᠢᠩᠭᠢᠪᠠᠯ᠂ ᠰᠢᠮᠠᠵᠢᠨ ᠤᠷᠭᠤᠵᠤ ᠪᠠᠶᠢᠭ᠎ᠠ ᠨᠢᠯᠬ᠎ᠠ ᠵᠥᠭᠡᠯᠠᠨ ᠲᠠᠵᠢᠭᠡᠯ | ᠡᠪᠠᠰᠤ ᠶᠢ ᠲᠠᠷᠨ ᠲᠠᠷᠤᠢ ᠳᠤᠨᠢ ᠮᠠᠯ ᠢᠶᠠᠷ ᠲᠠᠰᠤᠳᠠᠵᠤ ᠵᠤᠯᠭᠠᠬᠤ ᠥᠭᠡᠢ ᠪᠠᠶᠢᠯᠭᠠᠵᠤ᠂ ᠲᠠᠬᠦᠨᠴᠢᠯᠠᠨ ᠪᠠᠰᠨ ᠮᠠᠯ ᠳᠤ | ᠰᠢᠮᠠᠬᠦᠷᠢ ᠬᠤᠷᠤᠬᠠᠢ ᠶᠢᠨ ᠬᠠᠯᠳᠠᠪᠤᠷᠢᠯᠠᠬᠤ ᠠᠴᠠ ᠴᠤ ᠵᠠᠶᠢᠯᠠᠰᠭᠢᠵᠤ ᠴᠢᠳᠠᠳᠠᠭ᠃ | ᠡᠭᠡᠯᠵᠢᠯᠠᠨ ᠮᠠᠯᠵᠢᠬᠤ ᠲᠠᠪᠳᠠᠮᠵᠢ ᠭᠡᠭᠴᠢ ᠨᠢ ᠮᠠᠯ ᠬᠠᠷᠢᠭᠤᠯᠬᠤ ᠤᠯᠠᠷᠢᠯ ᠳᠤ ᠵᠢᠵᠢᠭ ᠲᠤᠭᠤᠷᠢᠭ ᠪᠥᠷᠢ ᠳᠤ | ᠮᠠᠯ ᠬᠠᠷᠢᠭᠤᠯᠵᠤ ᠠᠰᠢᠭᠯᠠᠬᠤ ᠤᠳᠠᠭ᠎ᠠ ᠲᠠᠷᠠᠭ᠎ᠠ ᠶᠢ ᠭᠡᠯᠠᠵᠤ ᠪᠠᠶᠢᠨ᠎ᠠ᠃ ᠥᠭᠡᠷ᠎ᠠ ᠪᠠᠷ ᠭᠡᠯᠠᠪᠠᠯ᠂ ᠵᠢᠵᠢᠭ | ᠲᠤᠭᠤᠷᠢᠭ ᠢ ᠠᠰᠢᠭᠯᠠᠬᠤ ᠤᠳᠠᠭ᠎ᠠ ᠲᠠᠷᠠᠭ᠎ᠠ ᠶᠢ ᠭᠡᠯᠠᠵᠤ ᠪᠠᠶᠢᠨ᠎ᠠ᠃ ᠡᠭᠡᠯᠵᠢᠯᠠᠨ ᠮᠠᠯᠵᠢᠬᠤ ᠤᠳᠠᠭ᠎ᠠ ᠲᠠᠷᠠᠭ᠎ᠠ ᠶᠢᠨ | ᠤᠯᠠᠨ ᠴᠥᠭᠡᠨ ᠨᠢ ᠭᠤᠤᠯᠳᠠᠭᠤ ᠪᠠᠯᠴᠢᠭᠡᠷ ᠤᠨ ᠲᠥᠷᠤᠯ ᠭᠡᠯᠪᠠᠷᠢ ᠪᠤᠯᠤᠨ ᠲᠠᠵᠢᠭᠡᠯ ᠡᠪᠠᠰᠤᠨ ᠤ ᠲᠠᠭᠢᠨ ᠤᠷᠭᠤᠬᠤ | ᠬᠥᠴᠤᠯᠠᠴᠨ ︵ᠬᠤᠷᠳᠤᠨ ᠤᠳᠠᠭᠠᠨ︶ ᠠᠴᠠ ᠪᠤᠯᠵᠤ ᠠᠳᠠᠯᠢ ᠥᠭᠡᠢ ᠪᠠᠶᠢᠳᠠᠭ᠃ ᠡᠬᠦᠨ ᠢ ᠪᠠᠯᠴᠢᠭᠡᠷ ᠤᠨ ᠪᠠᠶᠢᠳᠠᠯ | ᠢᠶᠠᠨ ᠥᠨᠳᠤᠰᠤᠯᠠᠵᠤ ᠠᠮᠢᠳᠤᠯᠢᠭ ᠢᠶᠠᠷ ᠲᠤᠭᠢᠷᠠᠭᠤᠯᠤᠨ᠎ᠠ᠃ ᠡᠭᠡᠯᠵᠢᠯᠠᠨ ᠮᠠᠯᠵᠢᠬᠤ ᠵᠢᠵᠢᠭ ᠲᠤᠭᠤᠷᠢᠭ ᠤᠨ ᠲᠤᠭ᠎ᠠ | ᠶᠢ ᠬᠤᠪᠢᠶᠠᠷᠢᠯᠠᠬᠤ ᠳᠠᠭᠠᠨ ᠡᠩ ᠲᠠᠷᠢᠬᠦᠨ ᠳᠤ ᠪᠠᠯᠴᠢᠭᠡᠷ ᠤᠨ ᠲᠥᠷᠤᠯ᠂ ᠲᠠᠭᠢᠨ ᠤᠷᠭᠤᠬᠤ ᠬᠥᠴᠤᠯᠠᠴᠨ ᠵᠠᠷᠭᠡ ᠶᠢ | ᠬᠥᠢᠴᠠᠳ ᠪᠤᠳᠤᠯᠭᠢᠯᠠᠬᠤ ᠭᠡᠷᠡᠭᠳᠠᠢ᠃ ᠡᠭᠡᠯᠵᠢᠯᠠᠨ ᠮᠠᠯᠵᠢᠬᠤ ᠵᠢᠵᠢᠭ ᠲᠤᠭᠤᠷᠢᠭ ᠢᠶᠠᠨ ᠬᠤᠪᠢᠶᠠᠷᠢᠯᠠᠭᠰᠠᠨ ᠤ | ᠲᠠᠷᠠᠭ᠎ᠠ᠂ ᠬᠤᠪᠢᠶᠠᠷᠢᠯᠠᠭᠰᠠᠨ ᠲᠤᠭ᠎ᠠ ᠭᠡᠮᠵᠢᠶ᠎ᠠ ᠪᠠᠷ ᠢᠶᠠᠨ ᠭᠡᠰᠡᠭᠯᠠᠨ ᠬᠥᠷᠢᠶᠠᠯᠠᠵᠤ᠂ ᠡᠭᠡᠯᠵᠢᠯᠠᠨ ᠮᠠᠯᠵᠢᠬᠤ ᠲᠥᠰᠤᠪ | ᠲᠥᠯᠤᠪᠯᠡᠭᠡ ᠪᠤᠯᠤᠨ ᠮᠠᠷᠭᠡᠵᠢᠯ ᠤᠨ ᠱᠠᠭᠠᠷᠳᠠᠯᠭ᠎ᠠ ᠶᠤᠰᠤᠭᠠᠷ ᠡᠮᠭᠢ ᠲᠠᠷᠠᠭ᠎ᠠ ᠲᠠᠢ ᠪᠠᠷ ᠮᠠᠯ ᠢᠶᠠᠨ ᠪᠠᠯᠴᠢᠭᠡᠷᠯᠠᠬᠦᠯᠵᠤ | ᠠᠰᠢᠭᠯᠠᠨ᠎ᠠ᠃ | | | | | | | | | | | | | | | | | |