ᠨᠤᠳᠤᠭ ᠪᠠᠭ᠎ᠠ ᠭᠠᠵᠠᠷ ᠠᠳᠤᠭᠤ ᠮᠠᠯᠵᠢᠬᠤ ᠳᠤ ᠶᠡᠭᠡ ᠤᠬᠠᠭᠠᠨ ᠤᠷᠤᠨ᠎ᠠ
ᠨᠡᠶᠢᠲᠡᠯᠡᠭᠰᠡᠨ ᠴᠠᠭ᠄
2016-07-16
       — ᠭᠦᠨᠪᠤᠯᠠᠭ  ᠰᠤᠮᠤᠨ   ᠤ  ᠴᠤᠭᠪᠠᠶᠠᠷ   ᠲᠠᠢ ᠶᠠᠷᠢᠯᠴᠠᠭᠰᠠᠨ  ᠠᠲᠤᠭᠤᠨ ᠤ  ᠲᠤᠬᠠᠢ  ᠵᠤᠭᠤᠭ    ᠰᠤᠷᠪᠤᠯᠵᠢᠯᠠᠭᠴᠢ  ᠬᠠᠲᠠ ᠭᠦᠨᠪᠤᠯᠠᠭ ᠨᠤᠳᠤᠭ ᠤᠨ ᠰᠢᠨ᠎ᠡ ᠡᠷᠢᠨ ᠤ ᠠᠳᠤᠭᠤᠴᠢᠨ ᠤ ᠨᠢᠭᠡ ᠳᠤ ᠬᠠᠶᠢᠷᠠᠳᠤ ᠭᠠᠴᠠᠭᠠᠨ ᠤ ᠮᠠᠯᠴᠢᠨ ᠵᠠᠯᠠᠭᠤ  ᠴᠤᠬᠪᠠᠶᠠᠷ ᠪᠠᠭᠳᠠᠨ᠎ᠠ᠃ ᠠᠳᠤᠭᠤᠨ ᠳᠤ ᠪᠠᠭ᠋ᠠᠳᠠᠢ ᠳᠡᠷᠡᠪᠡᠷ ᠠᠳᠤᠭᠤ ᠪᠠᠨ ᠦᠰᠭᠡᠭᠦ ᠭᠡᠵᠤ ᠦᠪᠡᠷ ᠤᠨ  ᠠᠳᠤᠭᠤ ᠪᠠᠨ ᠬᠠᠶᠢᠷᠠᠯᠠᠨ ᠦᠰᠭᠡᠭᠦ ᠶᠢᠨ ᠵᠡᠷᠭᠡ ᠳᠤ ᠠᠳᠤᠭᠤᠨ ᠤ ᠠᠷᠠᠯᠵᠢᠶ᠎ᠠ ᠮᠠᠶᠢᠮᠠᠢ ᠭᠢᠵᠤ ᠶᠠᠪᠤᠬᠤ ᠳᠤᠮᠳᠠ ᠪᠠᠨ  ᠳᠤᠭᠤᠵᠤ ᠪᠠᠭ᠋ᠠᠷᠬᠠᠬᠰᠠᠨ ᠠᠳᠤᠭᠤ ᠳᠠᠭᠠᠷᠠᠪᠠᠯ ᠮᠦᠡᠭᠬᠦ ᠬᠠᠶᠢᠷᠠᠯᠠᠯ ᠦᠭᠡᠢ ᠠᠪᠳᠠᠭ ᠪᠤᠯᠬᠤᠷ ᠨᠢᠭᠡ ᠮᠡᠳᠡᠭᠦ ᠳᠤ  ᠳᠡᠭᠦᠨ ᠤ ᠠᠳᠤᠭᠤ ᠴᠤ ᠴᠢᠮᠠᠯᠠᠮᠠᠷ ᠦᠭᠡᠢ ᠳᠤᠭᠠᠨ ᠳᠤ ᠭᠦᠷᠴᠤ᠂ ᠨᠤᠳᠤᠭ ᠤᠰᠤᠨ ᠳᠠᠭᠠᠨ ᠠᠳᠤᠭᠤ ᠤᠯᠠᠨᠳᠠᠢ  ᠠᠶᠢᠯ ᠤᠨ ᠨᠢᠭᠡ ᠪᠤᠯᠤᠬᠰᠠᠨ᠃ ᠭᠡᠳᠡᠯ᠎ᠡ ᠠᠳᠤᠭᠤᠨ ᠤ ᠳᠤᠭ᠎ᠠ ᠤᠯᠠᠳᠠᠬᠰᠠᠨ ᠠᠴᠠ ᠬᠤᠶᠢᠰᠢ ᠳᠡᠭᠦᠨ ᠳᠤ ᠤᠯᠠᠨ  ᠭᠦᠴᠢᠷᠳᠡᠯ ᠬᠤᠶᠢᠨ᠎ᠡ ᠬᠤᠶᠢᠨ᠎ᠡ ᠠᠴᠠ ᠪᠠᠨ ᠳᠤᠯᠭᠠᠷᠠᠵᠤ᠂ ᠳᠡᠭᠦᠨ ᠢ ᠠᠳᠤᠭᠤ ᠮᠠᠯᠵᠢᠬᠤ ᠵᠠᠮ ᠳᠠᠭᠠᠨ ᠳᠠᠭᠢᠨ  ᠰᠤᠩᠭᠤᠯᠳᠠ ᠭᠢᠯᠭᠡᠭᠦ ᠳᠤ ᠭᠦᠷᠦᠭᠦᠯᠦᠭᠰᠡᠨ ᠪᠠᠶᠢᠯ᠎ᠠ᠃    ᠠᠳᠤᠭᠤᠨ ᠤ ᠪᠡᠯᠴᠢᠭᠡᠷ ᠬᠤᠮᠰᠠᠳᠠᠵᠤ  ᠳᠤᠷᠭᠠᠭᠤᠯᠢ ᠰᠢᠳᠭᠡᠯ ᠭᠦᠨᠳᠦ ᠪᠤᠯᠪᠠ    ᠤᠤᠯ ᠨᠢ ᠠᠳᠤᠭᠤ ᠴᠦᠭᠡᠨ ᠪᠠᠶᠢᠬᠰᠠᠨ ᠤ ᠬᠢ ᠪᠤᠯᠪᠠᠤ᠂ ᠡᠰᠡᠭᠦᠯ᠎ᠡ ᠶᠡᠷᠦᠨᠢ ᠮᠠᠯ ᠴᠦᠭᠡᠨ ᠪᠠᠶᠢᠵᠤ ᠪᠡᠯᠴᠢᠭᠡᠷ ᠤᠰᠤ  ᠭᠦᠷᠦᠯᠴᠡᠭᠡᠳᠠᠢ ᠪᠠᠶᠢᠬᠰᠠᠨ ᠠᠴᠠ ᠪᠤᠯᠪᠠᠤ ᠳ᠋ᠠ᠃ ᠠᠳᠤᠭᠤ ᠬᠠᠮᠢᠭ᠎ᠠ ᠤᠴᠢᠬᠰᠠᠨ ᠴᠤ ᠠᠳᠠᠯᠠᠵᠤ ᠦᠵᠡᠭᠦ᠂  ᠭᠦᠭᠡᠭᠡᠵᠤ ᠳᠠᠭᠤᠬᠤ ᠭᠦᠮᠦᠨ ᠴᠦᠭᠡᠨ ᠪᠠᠶᠢᠬᠰᠠᠨ ᠨᠢ ᠦᠨᠡᠨ᠃ ᠤᠳᠤ ᠪᠦᠭᠦ ᠭᠦᠨᠪᠤᠯᠠᠭ ᠰᠤᠮᠤᠨ ᠤ ᠮᠠᠯ ᠤᠨ  ᠳᠤᠭ᠎ᠠ ᠶᠡᠭᠡᠪᠡᠷ ᠦᠰᠴᠤ᠂ ᠮᠠᠯ ᠪᠡᠯᠴᠢᠭᠡᠷ ᠤᠨ ᠳᠡᠩᠴᠡᠭᠦᠷᠢ ᠡᠪᠳᠡᠭᠳᠡᠨ᠂ ᠪᠡᠯᠴᠢᠭᠡᠷ ᠤᠰᠤ ᠭᠦᠷᠦᠯᠴᠡᠭᠦ ᠦᠭᠡᠢ  ᠪᠤᠯᠤᠬᠰᠠᠨ ᠠᠴᠠ ᠬᠤᠶᠢᠰᠢ ᠭᠦᠮᠦᠰ ᠪᠤᠰᠤᠳ ᠤᠨ ᠮᠠᠯ ᠤᠨᠤᠭ᠎ᠠ ᠪᠡᠯᠴᠢᠭᠡᠷ ᠤᠰᠤᠨ ᠳᠤᠨᠢ ᠤᠷᠤᠪᠠᠯ ᠭᠦᠭᠡᠭᠡᠵᠤ  ᠳᠠᠭᠤᠬᠤ ᠪᠤᠯᠤᠬᠰᠠᠨ᠃ ᠨᠡᠩ ᠢᠯᠠᠩᠭᠤᠶ᠎ᠠ ᠠᠳᠤᠭᠤ ᠶᠢ ᠪᠤᠯ ᠠᠳᠠ ᠦᠵᠡᠵᠤ᠂ ᠭᠦᠭᠡᠭᠡᠵᠤ ᠳᠠᠭᠤᠬᠤ ᠨᠢ ᠤᠯᠠᠮ  ᠭᠡᠴᠡᠭᠦᠦ ᠪᠤᠯᠤᠬᠰᠠᠨ ᠠᠴᠠ ᠠᠳᠤᠭᠤ ᠠᠮᠤᠷ ᠳᠤᠬᠳᠠᠭᠤᠨ ᠪᠡᠯᠴᠢᠭᠦ ᠳᠤ ᠭᠦᠴᠢᠷ ᠪᠤᠯᠵᠠᠢ᠃ ︽ᠠᠳᠤᠭᠤ ᠴᠢᠨᠢ  ᠬᠠᠳᠤᠯᠠᠩ ᠳᠤ ᠤᠷᠤᠴᠢᠬᠠᠵᠠᠢ᠂ ᠬᠤᠷᠳᠤᠨ ᠢᠷᠡᠵᠤ ᠠᠪᠠᠴᠢᠭᠠᠷᠠᠢ︾᠂ ︽ᠠᠳᠤᠭᠤ ᠴᠢᠨᠢ ᠪᠡᠯᠴᠢᠭᠡᠷ ᠢ ᠪᠦᠷ  ᠰᠦᠢᠳᠭᠡᠴᠢᠭᠡᠯ᠎ᠡ᠂ ᠨᠢᠭᠡ ᠠᠷᠭ᠎ᠠ ᠪᠤᠳᠤᠬᠤ ᠦᠭᠡᠢ ᠤᠤ︾᠂ ︽ᠳᠠᠭᠢᠵᠤ ᠠᠳᠤᠭᠤ ᠪᠠᠨ ᠬᠠᠳᠤᠯᠠᠩ ᠳᠤ  ᠤᠷᠤᠭᠤᠯᠪᠠᠯ ᠪᠢᠳᠡ ᠢᠯᠳᠠᠷ ᠬᠠᠶᠠᠬᠤ ᠦᠭᠡᠢ ᠰᠢᠤ︾᠂ ︽ᠠᠳᠤᠭᠤ ᠪᠠᠨ ᠁︾ ᠭᠡᠰᠡᠨ ᠨᠤᠳᠤᠭ ᠤᠨ  ᠮᠠᠯᠴᠢᠳ ᠤᠨ ᠳᠤᠷ᠎ᠠ ᠦᠭᠡᠶᠢᠴᠭᠰᠡᠨ᠂ ᠠᠷᠭ᠎ᠠ ᠪᠠᠷᠠᠬᠳᠠᠬᠰᠠᠨ᠂ ᠠᠶᠤᠯᠭᠠᠵᠤ ᠰᠦᠷᠳᠡᠭᠦᠯᠦᠭᠰᠡᠨ ᠤᠳᠠᠰᠤ ᠶᠢ  ᠴᠤᠬᠪᠠᠶᠠᠷ ᠤᠯᠠᠨ ᠳᠤᠰᠤᠬᠰᠠᠨ᠃ ︽ᠨᠤᠳᠤᠭ ᠤᠨ ᠮᠠᠯᠴᠢᠳ ᠮᠢᠨᠢ ᠭᠦᠭᠡᠷᠦᠭᠦᠢ ᠵᠦᠭᠡᠷ ᠡ᠂ ᠶᠠᠭᠠᠭᠢᠵᠤ  ᠠᠭᠤᠷᠯᠠᠵᠤ ᠪᠠᠶᠢᠬᠰᠠᠨ ᠴᠤ ᠭᠡᠳᠤ ᠵᠠᠩᠨᠠᠪᠠᠯ ᠪᠠᠷᠠᠴᠢᠬᠠᠨ᠎ᠠ᠃ ᠭᠡᠳᠡᠯ᠎ᠡ ᠠᠳᠤᠭᠤ ᠳᠠᠷᠢᠶᠠᠨ ᠳᠤ ᠤᠷᠤᠪᠠᠯ ᠬᠠᠷᠢᠨ  ᠰᠦᠢᠳ ᠪᠤᠯᠤᠯ᠎ᠠ ᠭᠡᠰᠡᠨ ᠦᠭᠡ᠃ ᠳᠠᠷᠢᠶᠠᠨ ᠤ ᠢᠷᠭᠡᠳ ᠠᠳᠤᠭᠤ ᠶᠢ ᠴᠢᠨᠢ ᠪᠠᠷᠢᠵᠤ ᠬᠤᠷᠢᠴᠢᠬᠠᠭᠠᠳ  ᠵᠤᠭᠤᠰ ᠢᠶᠠᠷ ᠯᠡ ᠭᠡᠯᠡᠯᠴᠡᠨ᠎ᠡ᠃ ᠨᠢᠭᠡ ᠳᠤᠷᠭᠠᠪᠠᠯ ᠭᠡᠳᠤᠨ ᠮᠢᠩᠭ᠎ᠠ ᠪᠠᠷ ᠳᠤᠷᠭᠠᠨ᠎ᠠ᠂ ᠨᠢᠳᠤᠨᠤᠨ ᠪᠢ ᠪᠠᠷᠤᠭ 3  ᠲᠦᠮᠡᠨ ᠲᠦᠭᠦᠷᠢᠭ ᠤᠨ ᠳᠤᠷᠭᠠᠭᠤᠯᠢ ᠳᠤ ᠤᠷᠤᠬᠰᠠᠨ᠃ ᠪᠡᠯᠴᠢᠭᠡᠷ ᠪᠠᠭ᠎ᠠ ᠭᠠᠵᠠᠷ ᠲᠤ ᠠᠳᠤᠭᠤ ᠮᠠᠯᠵᠢᠬᠤ ᠳᠤ  ᠦᠨᠡᠭᠡᠷ ᠭᠦᠴᠢᠷ ᠪᠤᠯᠵᠠᠢ︾ ᠭᠡᠵᠤ ᠴᠤᠬᠪᠠᠶᠠᠷ ᠶᠠᠷᠢᠨ᠎ᠠ᠃    ᠨᠢᠭᠡ ᠡᠪᠤᠯ ᠤᠨ ᠠᠳᠤᠭᠤᠨ ᠤ ᠵᠠᠷᠤᠯᠭ᠎ᠠ  40 ᠲᠦᠮᠡᠨ ᠲᠦᠭᠦᠷᠢᠭ ᠤᠷᠤᠪᠠ    ᠨᠢᠳᠤᠨᠤᠨ ᠡᠪᠦᠯ ᠴᠠᠰᠤ ᠶᠡᠭᠡᠳᠠᠢ ᠵᠤᠳ ᠪᠤᠯᠤᠬᠰᠠᠨ ᠢᠶᠠᠷ ᠪᠡᠯᠴᠢᠭᠡᠷ ᠨᠤᠳᠤᠭ ᠪᠠᠭ᠎ᠠ ᠪᠠᠶᠢᠳᠠᠭ ᠭᠦᠨᠪᠤᠯᠠᠭ ᠤᠨ ᠬᠢᠨ  ᠮᠠᠯ ᠢᠶᠠᠨ ᠡᠷᠳᠡ ᠠᠴᠠ ᠳᠡᠵᠢᠭᠡᠵᠤ ᠡᠭᠢᠯᠡᠵᠠᠢ᠃ ᠴᠤᠬᠪᠠᠶᠠᠷ ᠤᠨ 200 ᠠᠳᠤᠭᠤ ᠴᠤ ᠶᠠᠪᠤᠬᠤ ᠭᠠᠵᠠᠷ ᠦᠭᠡᠢ  ᠢᠳᠡᠭᠦ ᠪᠡᠯᠴᠢᠭᠡᠷ ᠦᠭᠡᠢ ᠪᠤᠯᠤᠬᠰᠠᠨ ᠠᠴᠠ ᠳᠡᠷᠡ ᠠᠷᠭ᠎ᠠ ᠪᠤᠰᠤ ᠠᠳᠤᠭᠤ ᠪᠠᠨ ᠪᠦᠭᠦᠨ ᠢ ᠬᠤᠷᠢᠵᠤ ᠳᠡᠵᠢᠭᠡᠭᠰᠡᠨ  ᠪᠠᠶᠢᠯ᠎ᠠ᠃ ︽ᠨᠢᠳᠤᠨᠤᠨ ᠡᠪᠤᠯ ᠴᠠᠰᠤ ᠡᠷᠳᠡ ᠤᠷᠤᠬᠰᠠᠨ ᠪᠦᠭᠡᠳ ᠶᠡᠭᠡ ᠤᠷᠤᠵᠤ ᠪᠡᠯᠴᠢᠭᠡᠷ ᠢ ᠳᠠᠷᠤᠬᠰᠠᠨ ᠠᠴᠠ  ᠠᠷᠭ᠎ᠠ ᠪᠤᠰᠤ ᠠᠳᠤᠭᠤ ᠪᠠᠨ ᠳᠡᠵᠢᠭᠡᠭᠰᠡᠨ᠃ ᠨᠢᠭᠡ ᠡᠪᠤᠯ ᠬᠠᠪᠤᠷ ᠠᠳᠤᠭᠤ ᠪᠠᠨ ᠳᠡᠵᠢᠭᠡᠭᠡᠳ ᠡᠪᠡᠰᠤ ᠪᠤᠷᠳᠤᠭᠠᠨ ᠤ  ᠵᠠᠷᠤᠳᠠᠯ 40 ᠲᠦᠮᠡᠨ ᠲᠦᠭᠦᠷᠢᠭ ᠤᠷᠤᠬᠰᠠᠨ ᠰᠢᠤ᠂ ᠢᠡᠭᠭᠢᠵᠤ ᠠᠳᠤᠭᠤ ᠮᠠᠯᠵᠢᠬᠤ ᠶᠤᠮ ᠪᠤᠯ ᠪᠠᠷᠤᠭ ᠤᠨ ᠠᠶᠢᠯ  ᠳᠡᠰᠭᠦ ᠦᠭᠡᠢ︾ ᠭᠡᠵᠤ ᠴᠤᠬᠪᠠᠶᠠᠷ ᠳᠤᠯᠤᠭᠠᠢ ᠰᠡᠭᠰᠦᠷᠦᠨ᠎ᠡ᠃ ᠨᠢᠳᠤᠨᠤᠨ ᠴᠤᠬᠪᠠᠶᠠᠷ ᠲᠡᠭᠰᠢᠳᠭᠡᠭᠡᠳ ᠬᠤᠶᠠᠷ  ᠲᠦᠮᠡᠨ ᠲᠦᠭᠦᠷᠢᠭ ᠢᠶᠠᠷ ᠠᠷᠪᠠᠭᠠᠳ ᠰᠠᠶᠢᠨ ᠡᠭᠦᠯᠳᠡᠷ ᠤᠨ ᠤᠨᠠᠭ᠎ᠠ ᠪᠡ ᠲᠡᠭᠰᠢᠳᠭᠡᠭᠡᠳ 2000 ᠲᠦᠭᠦᠷᠢᠭ ᠢᠶᠠᠷ  ᠨᠢᠵᠡᠭᠡᠳ ᠡᠩ ᠤᠨ ᠤᠨᠠᠭ᠎ᠠ ᠬᠤᠳᠠᠯᠳᠤᠵᠤ᠂ ᠤᠯᠤᠬᠰᠠᠨ 40 ᠢᠯᠡᠭᠦᠦ ᠲᠦᠮᠡᠨ ᠲᠦᠭᠦᠷᠢᠭ ᠢᠶᠠᠨ ᠪᠦᠭᠦᠨ ᠢ  ᠦᠯᠡᠳᠡᠭᠰᠡᠨ ᠠᠳᠤᠭᠤ ᠪᠠᠨ ᠡᠪᠤᠯᠵᠢᠭᠦᠯᠭᠦ ᠳᠤ ᠭᠡᠷᠡᠭᠯᠡᠴᠢᠭᠡᠭᠰᠡᠨ ᠤᠬᠠᠭᠠᠨᠳᠠᠢ᠃ ᠳᠡᠶᠢᠮᠤ ᠠᠴᠠ ᠶᠠᠭᠠᠭᠢᠵᠤ ᠮᠠᠯᠵᠢᠪᠠᠯ  ᠵᠠᠷᠤᠯᠭ᠎ᠠ ᠪᠠᠨ ᠪᠠᠭᠠᠰᠬᠠᠵᠤ ᠤᠷᠤᠯᠭ᠎ᠠ ᠪᠠᠨ ᠨᠡᠮᠡᠭᠳᠡᠭᠦᠯᠵᠤ ᠴᠢᠳᠠᠬᠤ ᠪᠤᠢ ᠭᠡᠳᠡᠭ ᠢ ᠪᠤᠳᠤᠯᠭᠢᠯᠠᠬᠤ ᠦᠭᠡᠢ  ᠪᠠᠶᠢᠬᠤ ᠶᠢᠨ ᠠᠷᠭ᠎ᠠ ᠦᠭᠡᠢ ᠪᠤᠯᠵᠠᠢ᠃    ᠰᠢᠯᠢᠳᠡᠭ ᠡᠭᠦᠯᠳᠡᠷ ᠤᠨ ᠠᠳᠤᠭᠤ ᠮᠠᠯᠵᠢᠬᠤ ᠵᠠᠮ ᠢᠶᠠᠷ ᠵᠠᠮᠨᠠᠨ᠎ᠠ    ᠠᠳᠤᠭᠤᠨ ᠤ ᠪᠡᠯᠴᠢᠭᠡᠷ ᠭᠦᠷᠦᠯᠴᠡᠭᠦ ᠦᠭᠡᠢ ᠪᠤᠯᠤᠬᠰᠠᠨ᠂ ᠠᠳᠤᠭᠤ ᠮᠠᠯᠵᠢᠬᠤ ᠵᠠᠷᠤᠯᠭ᠎ᠠ ᠦᠨᠳᠦᠷ ᠪᠤᠯᠤᠬᠰᠠᠨ  ᠵᠢᠴᠢ ᠠᠳᠤᠭᠤ ᠶᠢ ᠨᠤᠳᠤᠭ ᠪᠡᠯᠴᠢᠭᠡᠷ ᠤᠨ ᠳᠡᠩᠴᠡᠭᠦᠷᠢ ᠶᠢ ᠪᠠᠳᠤᠯᠠᠬᠤ ᠳᠤ ᠤᠷᠤᠭᠤᠯᠵᠤ ᠪᠤᠳᠤᠬᠤ ᠪᠤᠯᠤᠬᠰᠠᠨ  ᠵᠡᠷᠭᠡ ᠵᠦᠢᠯ ᠵᠦᠢᠯ ᠤᠨ ᠭᠦᠴᠢᠷᠳᠡᠯ ᠤᠨ ᠡᠮᠤᠨ᠎ᠡ ᠠᠳᠤᠭᠤᠴᠢᠨ ᠴᠤᠬᠪᠠᠶᠠᠷ ᠠᠳᠤᠭᠤ ᠮᠠᠯᠵᠢᠬᠤ ᠠᠷᠭ᠎ᠠ  ᠪᠠᠷᠢᠯ ᠢᠶᠠᠨ ᠦᠭᠡᠷᠡᠴᠢᠯᠡᠭᠦ ᠪᠠᠷ ᠵᠤᠷᠢᠭ ᠰᠢᠭᠤᠳᠴᠤ᠂ ᠡᠭᠦᠯᠳᠡᠷ ᠢ ᠨᠢ ᠰᠢᠯᠢᠳᠡᠭᠵᠢᠭᠦᠯᠵᠤ᠂ ᠳᠤᠭ᠎ᠠ ᠶᠢ ᠨᠢ  ᠴᠦᠭᠡᠴᠢᠯᠡᠭᠦ ᠪᠠᠷ ᠪᠤᠯᠪᠠ᠃ ᠭᠡᠳᠤᠨ ᠵᠢᠯ ᠤᠨ ᠡᠮᠤᠨ᠎ᠡ ᠠᠴᠠ ᠵᠦᠪᠭᠡᠨ ᠠᠳᠤᠭᠤᠨ ᠤ ᠳᠤᠭ᠎ᠠ ᠶᠢ ᠯᠡ  ᠨᠡᠮᠡᠭᠳᠡᠭᠦᠯᠦᠭᠡᠳ ᠪᠤᠯᠬᠤ ᠪᠢᠰᠢ᠂ ᠴᠢᠨᠠᠷ ᠢ ᠴᠤ ᠪᠠᠳᠤᠯᠠᠬᠤ ᠭᠡᠷᠡᠭᠳᠠᠢ ᠭᠡᠵᠤ ᠪᠤᠳᠤᠬᠰᠠᠨ ᠴᠤᠬᠪᠠᠶᠠᠷ ᠮᠠᠯᠴᠢᠨ  ᠲᠦᠪᠰᠢᠨ ᠲᠠᠢ ᠬᠠᠮᠳᠤᠷᠠᠵᠤ᠂ ᠭᠠᠳᠠᠨ᠎ᠠ ᠠᠴᠠ ᠭᠤᠷᠪᠠᠨ ᠰᠠᠶᠢᠨ ᠡᠭᠦᠯᠳᠡᠷ ᠤᠨ ᠠᠵᠢᠷᠭ᠎ᠠ ᠤᠷᠤᠭᠤᠯᠵᠤ ᠠᠪᠴᠢᠷᠠᠨ  ᠠᠳᠤᠭᠤᠨ ᠳᠠᠭᠠᠨ ᠳᠠᠯᠪᠢᠬᠰᠠᠨ ᠶᠤᠮ᠃ ᠨᠢᠳᠤᠨᠤᠨ ᠡᠳᠡᠭᠡᠷ ᠠᠵᠢᠷᠭᠠᠨ ᠤ ᠲᠦᠯ ᠢ ᠬᠤᠳᠠᠯᠳᠤᠬᠤ ᠳᠤ ᠨᠢᠭᠡ ᠨᠢ  ᠬᠤᠶᠠᠷ ᠲᠦᠮᠡᠨ ᠲᠦᠭᠦᠷᠢᠭ ᠭᠦᠷᠦᠭᠰᠡᠨ ᠨᠢ ᠮᠠᠯᠴᠢᠨ ᠴᠤᠬᠪᠠᠶᠠᠷ ᠤᠨ ᠠᠳᠤᠭᠤᠨ ᠤ ᠡᠭᠦᠯᠳᠡᠷ ᠢ ᠰᠠᠶᠢᠵᠢᠷᠠᠭᠤᠯᠵᠤ᠂  ᠴᠦᠭᠡᠨ ᠮᠠᠯ ᠠᠴᠠ ᠦᠨᠳᠦᠷ ᠠᠰᠢᠬ ᠭᠦᠷᠳᠡᠭᠦ ᠢᠳᠡᠭᠡᠯ ᠢ ᠨᠢ ᠤᠯᠠᠮ ᠭᠦᠪᠴᠢᠯᠡᠵᠠᠢ᠃ ︽ᠨᠤᠳᠤᠭ ᠪᠠᠭ᠎ᠠ  ᠭᠠᠵᠠᠷ ᠲᠤ ᠠᠳᠤᠭᠤ ᠮᠠᠯᠵᠢᠬᠤ ᠳᠤ ᠳᠤᠭ᠎ᠠ ᠳᠤᠯᠤᠭᠠᠢ ᠶᠢ ᠬᠤᠭᠤᠰᠤᠨ ᠭᠦᠭᠡᠭᠡᠴᠡᠯᠳᠦᠭᠡᠳ ᠯᠡ ᠪᠤᠯᠬᠤ ᠪᠢᠰᠢ᠂  ᠡᠷᠭᠡᠪᠰᠢ ᠤᠷᠤᠨ ᠨᠤᠳᠤᠭ ᠤᠨ ᠪᠤᠳᠠᠳᠤ ᠪᠠᠶᠢᠳᠠᠯ ᠳᠠᠭᠠᠨ ᠳᠤᠭᠢᠷᠠᠬᠰᠠᠨ ᠮᠠᠯᠵᠢᠯ ᠤᠨ ᠠᠷᠭ᠎ᠠ ᠪᠠᠷᠢᠯ ᠢ ᠡᠷᠢᠯᠭᠢᠯᠡᠭᠦ  ᠭᠡᠷᠡᠭᠳᠠᠢ᠃ ᠪᠢ ᠤᠷᠤᠨ ᠨᠤᠳᠤᠭ ᠤᠨ ᠪᠤᠳᠠᠳᠤ ᠪᠠᠶᠢᠳᠠᠯ ᠠᠴᠠ ᠪᠠᠨ ᠡᠭᠦᠰᠴᠤ ᠰᠢᠯᠢᠳᠡᠭ ᠡᠭᠦᠯᠳᠡᠷ ᠤᠨ ᠠᠳᠤᠭᠤ  ᠦᠰᠭᠡᠨ ᠪᠤᠶᠢᠵᠢᠭᠤᠯᠬᠤ ᠪᠠᠷ ᠴᠢᠷᠮᠠᠶᠢᠵᠤ ᠪᠠᠶᠢᠨ᠎ᠠ᠃ ᠮᠠᠨ ᠤ ᠡᠨᠡ ᠭᠠᠵᠠᠷ ᠴᠦᠭᠡᠨ ᠳᠤᠭᠠᠨ ᠤ ᠰᠢᠯᠢᠳᠡᠭ  ᠡᠭᠦᠯᠳᠡᠷ ᠤᠨ ᠠᠳᠤᠭᠤ ᠮᠠᠯᠵᠢᠬᠤ ᠨᠢ ᠳᠤᠭᠢᠷᠠᠮᠵᠢᠳᠠᠢ ᠪᠠᠶᠢᠵᠤ ᠮᠡᠳᠡᠨ᠎ᠡ︾ ᠭᠡᠵᠤ ᠴᠤᠬᠪᠠᠶᠠᠷ ᠶᠠᠷᠢᠯ᠎ᠠ᠃  ᠠᠳᠤᠭᠤᠨ ᠤ ᠪᠠᠨ ᠡᠭᠦᠯᠳᠡᠷ ᠢ ᠰᠠᠶᠢᠵᠢᠷᠠᠭᠤᠯᠬᠤ ᠪᠠᠷ ᠵᠤᠷᠢᠭ ᠰᠢᠭᠤᠳᠤᠬᠰᠠᠨ ᠳᠡᠷᠡ ᠡᠨᠡ ᠬᠠᠪᠤᠷ ᠲᠦᠴᠢᠭᠡᠳ  ᠭᠡᠭᠦᠦ ᠪᠠᠨ ᠪᠦᠷ ᠰᠠᠶᠢᠨ ᠡᠭᠦᠯᠳᠡᠷ ᠤᠨ ᠠᠵᠢᠷᠭ᠎ᠠ ᠪᠠᠷ ᠭᠡᠭᠡᠯᠳᠦᠭᠦᠯᠦᠭᠰᠡᠨ ᠠᠵᠢ᠃ ᠮᠠᠯ ᠮᠠᠯᠵᠢᠬᠤ ᠭᠡᠳᠡᠭ ᠶᠡᠭᠡ ᠤᠬᠠᠭᠠᠨ ᠤ ᠠᠵᠢᠯ ᠶᠤᠮ ᠪᠤᠯᠬᠤᠷ ᠮᠠᠯᠴᠢᠨ ᠲᠦᠮᠡᠨ ᠮᠢᠨᠢ ᠦᠪᠡᠷ ᠦᠪᠡᠷ ᠤᠨ  ᠪᠤᠳᠠᠳᠤ ᠪᠠᠶᠢᠳᠠᠯ ᠢᠶᠠᠨ ᠦᠨᠳᠦᠰᠦᠯᠡᠨ ᠰᠤᠩᠭᠤᠯᠳᠠ ᠭᠢᠭᠦ ᠯᠡ ᠵᠦᠪ ᠤᠬᠠᠭᠠᠨ ᠪᠠᠶᠢᠵᠤ ᠳᠠᠭᠠᠷᠠᠨ᠎ᠠ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号