ᠮᠠᠯᠴᠢᠳ ︽ᠴᠠᠭ ᠲᠠᠭᠠᠨ ᠲᠤᠬᠢᠷᠠᠭᠰᠠᠨ ᠲᠡᠭᠷᠢ ᠶᠢᠨ ᠲᠦᠷᠦᠯ ᠵᠦᠢᠯ︾ ᠬᠡᠮᠡᠨ ᠪᠠᠶᠠᠷᠯᠠᠯᠳᠤᠨ᠎ᠠ
ᠨᠡᠶᠢᠲᠡᠯᠡᠭᠰᠡᠨ ᠴᠠᠭ᠄
2016-07-16
    — ᠰᠦᠨᠢᠳ ᠪᠠᠷᠠᠭᠤᠨ ᠬᠤᠰᠢᠭᠤ᠂ ᠬᠦᠪᠡᠭᠡᠳᠦ ᠰᠢᠷ᠎ᠠ ᠬᠤᠰᠢᠭᠤᠨ ᠳᠤ ᠨᠢᠭᠡ ᠤᠳᠠᠭ᠎ᠠ ᠨᠠᠶᠢᠲᠠᠮ ᠪᠤᠷᠤᠭᠠᠨ   ᠤᠷᠤᠭᠰᠠᠨ ᠲᠤᠬᠠᠢ ᠰᠤᠷᠪᠤᠯᠵᠢᠯᠠᠭ᠎ᠠ ᠰᠤᠷᠪᠤᠯᠵᠢᠯᠠᠭᠴᠢ ᠰᠤᠳᠦᠪᠢᠯᠢᠭ     ᠠᠷᠪᠠᠨ ᠵᠢᠯ ᠠᠴᠠ ᠶᠢᠰᠤᠨ ᠵᠢᠯ ᠨᠢ ᠭᠠᠩᠳᠠᠳᠠᠭ ᠮᠠᠨ ᠤ ᠠᠶᠢᠮᠠᠭ ᠤᠨ ᠪᠠᠷᠠᠭᠤᠨ ᠪᠡᠶ᠎ᠠ ᠶᠢᠨ ᠨᠤᠳᠤᠭ ᠠᠴᠠ   ᠲᠤᠭᠤᠯᠳᠠᠬᠤ ᠰᠡᠳᠬᠢᠯ ᠪᠠᠶᠠᠰᠬᠠᠬᠤ ᠰᠠᠶᠢᠬᠠᠨ ᠰᠤᠨᠤᠰᠬᠤᠯᠠᠩ᠃ 2016 ᠤᠨ ᠤ 6 ᠳ᠋ᠤᠭᠠᠷ ᠰᠠᠷ᠎ᠠ ᠶᠢᠨ 13 ᠪᠠ  14 ᠤ ᠡᠳᠦᠷ᠂ ᠪᠤᠷᠤᠳᠤᠬᠤᠢ ᠤᠷᠤᠨ ᠤ ᠴᠢᠩᠭ᠎ᠠ ᠰᠤᠯᠢᠭ ᠤᠷᠤᠰᠬᠠᠯᠳᠦ ᠴᠠᠭ ᠠᠭᠠᠷ ᠤᠨ ᠨᠦᠯᠦᠭᠡᠯᠡᠯ ᠢᠶᠠᠷ᠂   ᠮᠠᠨ ᠤ ᠠᠶᠢᠮᠠᠭ ᠤᠨ ᠪᠠᠷᠠᠭᠤᠨ ᠪᠡᠶ᠎ᠠ ᠪᠠᠷ ᠨᠢᠭᠡ ᠤᠳᠠᠭ᠎ᠠ ᠨᠡᠶᠢᠳᠡᠮ ᠪᠤᠷᠤᠭᠠᠯᠠᠵᠤ᠂ ᠡᠭᠦᠨ ᠳᠤ ᠰᠦᠨᠢᠳ ᠪᠠᠷᠠᠭᠤᠨ   ᠬᠤᠰᠢᠭᠤ᠂ ᠬᠦᠪᠡᠭᠡᠳᠦ ᠰᠢᠷ᠎ᠠ ᠬᠤᠰᠢᠭᠤᠨ ᠤ ᠬᠤᠷ᠎ᠠ ᠲᠤᠨᠤᠳᠠᠰᠤᠨ ᠤ ᠬᠡᠮᠵᠢᠶ᠎ᠠ ᠦᠩᠭᠡᠷᠡᠭᠰᠡᠨ ᠵᠢᠯ ᠤᠳ ᠤᠨ   ᠠᠳᠠᠯᠢ ᠬᠤᠭᠤᠴᠠᠭᠠᠨ ᠤ ᠬᠢ ᠠᠴᠠ ᠪᠠᠨ ᠲᠤᠩ ᠶᠡᠭᠡ ᠪᠤᠯᠬᠤᠷ ᠭᠠᠩ ᠳᠠᠶᠢᠯᠤᠭᠳᠠᠭᠰᠠᠨ ᠪᠦᠭᠡᠳ ᠡᠪᠡᠰᠤ   ᠪᠡᠯᠴᠢᠭᠡᠷ ᠤᠨ ᠤᠷᠭᠤᠯᠳᠠ᠂ ᠪᠡᠯᠴᠢᠭᠡᠷ ᠤᠨ ᠮᠠᠯ ᠠᠵᠤ ᠠᠬᠤᠢ ᠶᠢᠨ ᠬᠡᠪ ᠤᠨ ᠬᠦᠭᠵᠢᠯᠳᠠ ᠳᠤ ᠮᠠᠰᠢ ᠰᠠᠶᠢᠨ ᠠᠵᠠ   ᠲᠤᠬᠢᠶᠠᠯ ᠢ ᠤᠯᠭᠤᠭᠰᠠᠨ ᠪᠠᠶᠢᠪᠠ᠃ ᠬᠤᠶᠠᠷ ᠬᠤᠰᠢᠭᠤᠨ ᠤ ᠬᠤᠷ᠎ᠠ ᠲᠤᠨᠤᠳᠠᠰᠤᠨ ᠤ ᠪᠠᠶᠢᠳᠠᠯ     ᠰᠦᠨᠢᠳ ᠪᠠᠷᠠᠭᠤᠨ ᠬᠤᠰᠢᠭᠤᠨ ᠤ ᠴᠠᠭ ᠠᠭᠤᠷ ᠤᠨ ᠲᠤᠪᠴᠢᠶᠠᠨ ᠠᠴᠠ ᠤᠢᠢᠯᠠᠭᠠᠭᠰᠠᠨ ᠢᠶᠠᠷ᠂ 6 ᠳ᠋ᠤᠭᠠᠷ   ᠰᠠᠷ᠎ᠠ ᠶᠢᠨ 13 ᠤ ᠡᠳᠦᠷ ᠤᠨ 8 ᠴᠠᠭ ᠠᠴᠠ 14 ᠤ ᠡᠳᠦᠷ ᠤᠨ 14 ᠴᠠᠭ ᠪᠤᠯᠳᠠᠯ᠎ᠠ ᠪᠦᠬᠦ ᠬᠤᠰᠢᠭᠤᠨ ᠤ   ᠬᠡᠪᠴᠢᠶᠠᠨ ᠳᠤ ᠪᠤᠷᠤᠭᠠᠯᠠᠵᠤ᠂ ᠡᠭᠦᠨ ᠳᠤ ᠡᠮᠦᠨ᠎ᠠ ᠭᠡᠰᠡᠭ ᠲᠡᠭᠡᠨ ᠶᠡᠭᠡ ᠤᠷᠤᠵᠤ᠂ ᠬᠤᠶᠢᠳᠦ ᠭᠡᠰᠡᠭ ᠲᠡᠭᠡᠨ   ᠪᠠᠭ᠎ᠠ ᠠᠴᠠ ᠲᠤᠮᠳᠠ ᠵᠡᠷᠬᠡ ᠶᠢᠨ ᠪᠤᠷᠤᠭᠠᠨ ᠤᠷᠤᠪᠠ᠃ ᠡᠭᠦᠨ ᠳᠤ ᠰᠠᠶᠢᠬᠠᠨᠳᠠᠯ ᠎ᠠ ᠪᠠᠯᠭᠠᠰᠤ ᠪᠤᠯᠤᠨ ᠵᠢᠷᠦᠬᠡ   ᠪᠠᠯᠭᠠᠰᠤ ᠶᠢᠨ ᠬᠤᠷ᠎ᠠ ᠲᠤᠨᠤᠳᠠᠰᠤᠨ ᠤ ᠬᠡᠮᠵᠢᠶ᠎ᠠ ᠨᠠᠶᠢᠳᠠᠮ ᠳᠡᠭᠡᠨ 30 ᠮᠢᠯᠯᠢᠮᠧᠳ᠋ᠷ ᠢ ᠳᠠᠪᠠᠵᠤ᠂ ᠶᠡᠭᠡ ᠪᠤᠷᠤᠭᠠᠨ ᠤ   ᠲᠡᠰ ᠲᠤ ᠬᠦᠷᠪᠡ᠃ ᠲᠠᠷᠠ ᠲᠤᠮᠳᠠ ᠪᠠᠨ ᠰᠠᠶᠢᠬᠠᠨᠳᠠᠯ᠎ᠠ ᠪᠠᠯᠭᠠᠰᠤᠨ ᠤ ᠬᠤᠷ᠎ᠠ ᠲᠤᠨᠤᠳᠠᠰᠤᠨ ᠤ ᠬᠡᠮᠵᠢᠶ᠎ᠠ   ᠤᠢᠢᠷ᠎ᠠ ᠶᠢᠨ ᠠᠷᠪᠠᠨ ᠵᠢᠯ ᠳᠤ ᠬᠠᠮᠤᠭ ᠶᠡᠭᠡ ᠪᠠᠶᠢᠪᠠ᠃ ᠲᠠᠬᠢᠪᠠᠯ ᠰᠠᠩᠪᠤᠯᠠᠭ ᠰᠤᠮᠤ᠂ ᠡᠷᠢᠶᠡᠨᠨᠠᠭᠤᠷ ᠰᠤᠮᠤᠨ ᠳᠤ   ᠤᠷᠤᠭᠰᠠᠨ ᠪᠤᠷᠤᠭᠠᠨ ᠤ ᠬᠡᠮᠵᠢᠶ᠎ᠠ ᠲᠤᠮᠳᠠ ᠵᠡᠷᠬᠡ ᠳᠤ ᠬᠦᠷᠴᠤ᠂ ᠪᠤᠰᠤᠳ ᠰᠤᠮᠤ ᠪᠠᠯᠭᠠᠰᠤ ᠶᠢᠨ ᠨᠤᠳᠤᠭ ᠢᠶᠠᠷ   ᠪᠠᠭ᠎ᠠ ᠪᠤᠷᠤᠭᠠᠨ ᠤᠷᠤᠵᠠᠢ᠃     ᠬᠦᠪᠡᠭᠡᠳᠦ ᠰᠢᠷ᠎ᠠ ᠬᠤᠰᠢᠭᠤᠨ ᠤ ᠴᠠᠭ ᠠᠭᠤᠷ ᠤᠨ ᠲᠤᠪᠴᠢᠶᠠᠨ ᠠᠴᠠ ᠤᠢᠢᠯᠠᠭᠠᠭᠰᠠᠨ ᠢᠶᠠᠷ᠂ 6 ᠳ᠋ᠤᠭᠠᠷ   ᠰᠠᠷ᠎ᠠ ᠶᠢᠨ 13 ᠤ ᠡᠳᠦᠷ ᠤᠨ 8 ᠴᠠᠭ ᠠᠴᠠ 14 ᠤ ᠡᠳᠦᠷ ᠤᠨ 20 ᠴᠠᠭ ᠪᠤᠯᠳᠠᠯ᠎ᠠ ᠪᠦᠬᠦ ᠬᠤᠰᠢᠭᠤᠨ ᠤ   ᠬᠡᠪᠴᠢᠶᠠᠨ ᠳᠤ ᠲᠤᠮᠳᠠ ᠠᠴᠠ ᠶᠡᠭᠡ ᠪᠤᠷᠤᠭᠠᠨ ᠤᠷᠤᠵᠤ᠂ ᠭᠡᠰᠡᠭ ᠲᠡᠭᠡᠨ ᠰᠢᠷᠦᠬᠦᠨ ᠱᠠᠬᠢᠨ᠂ ᠬᠢᠯᠪᠡᠭᠡᠨ ᠬᠢᠯᠪᠡᠵᠤ᠂ ᠮᠦᠨᠳᠤᠷ ᠤᠷᠤᠭᠰᠠᠨ ᠵᠡᠷᠬᠡ ᠴᠢᠩᠭ᠎ᠠ ᠰᠤᠯᠢᠭ ᠤᠷᠤᠰᠬᠠᠯᠳᠦ ᠴᠠᠭ ᠠᠭᠠᠷ ᠤᠨ ᠪᠠᠶᠢᠳᠠᠯ ᠢᠯᠡᠷᠡᠪᠡ᠃ ᠲᠤᠰ   ᠬᠤᠰᠢᠭᠤᠨ ᠤ ᠪᠠᠷᠠᠭᠤᠨ ᠭᠡᠰᠡᠭ ᠤᠨ ᠨᠤᠳᠤᠭ ᠤᠨ ᠬᠤᠷ᠎ᠠ ᠲᠤᠨᠤᠳᠠᠰᠤᠨ ᠤ ᠬᠡᠮᠵᠢᠶ᠎ᠠ 46.7 ᠠᠴᠠ 99.1   ᠮᠢᠯᠯᠢᠮᠧᠳ᠋ᠷ ᠲᠤ ᠬᠦᠷᠴᠤ᠂ ᠡᠭᠦᠨ ᠳᠤ᠂ ᠪᠤᠭᠳᠠ ᠶᠢᠨ ᠭᠤᠤᠯ ᠰᠤᠮᠤᠨ ᠳᠤ 13 ᠤ ᠡᠳᠦᠷ ᠤᠨ 20 ᠴᠠᠭ ᠠᠴᠠ  14 ᠤ ᠡᠳᠦᠷ ᠤᠨ 8 ᠴᠠᠭ ᠪᠤᠯᠳᠠᠯ᠎ᠠ ᠪᠤᠷᠤᠭᠠᠯᠠᠵᠤ᠂ ᠬᠤᠷ᠎ᠠ ᠲᠤᠨᠤᠳᠠᠰᠤᠨ ᠤ ᠬᠡᠮᠵᠢᠶ᠎ᠠ 56 ᠮᠢᠯᠯᠢᠮᠧᠳ᠋ᠷ ᠲᠤ   ᠬᠦᠷᠦᠭᠰᠡᠨ ᠪᠤᠯ ᠵᠠᠪᠢᠯᠠᠬᠤ ᠭᠠᠴᠠᠭᠠᠨ ᠤ ᠬᠤᠷ᠎ᠠ ᠲᠤᠨᠤᠳᠠᠰᠤᠨ ᠤ ᠬᠡᠮᠵᠢᠶ᠎ᠠ 61.6 ᠮᠢᠯᠯᠢᠮᠧᠳ᠋ᠷ ᠲᠤ ᠬᠦᠷᠴᠠᠢ᠃   ᠪᠤᠷᠤᠳᠠᠪᠤᠰᠤ ᠭᠠᠴᠠᠭᠠᠨ ᠤ ᠬᠤᠷ᠎ᠠ ᠲᠤᠨᠤᠳᠠᠰᠤᠨ ᠤ ᠬᠡᠮᠵᠢᠶ᠎ᠠ 13 ᠤ ᠡᠳᠦᠷ ᠤᠨ 12 ᠴᠠᠭ ᠠᠴᠠ 14 ᠴᠠᠭ   ᠪᠤᠯᠳᠠᠯ᠎ᠠ ᠬᠤᠶᠠᠷᠬᠠᠨ ᠴᠠᠭ ᠤᠨ ᠬᠤᠭᠤᠷᠤᠨᠳᠤ 32 ᠮᠢᠯᠯᠢᠮᠧᠳ᠋ᠷ ᠲᠤ ᠬᠦᠷᠴᠤ᠂ 13 ᠤ ᠡᠳᠦᠷ ᠤᠨ 20   ᠴᠠᠭ ᠠᠴᠠ 14 ᠤ ᠡᠳᠦᠷ ᠤᠨ 8 ᠴᠠᠭ ᠪᠤᠯᠳᠠᠯ᠎ᠠ ᠤᠷᠤᠭᠰᠠᠨ ᠬᠤᠷ᠎ᠠ ᠲᠤᠨᠤᠳᠠᠰᠤᠨ ᠤ ᠬᠡᠮᠵᠢᠶ᠎ᠠ ᠨᠢ 54.7   ᠮᠢᠯᠯᠢᠮᠧᠳ᠋ᠷ ᠲᠤ ᠬᠦᠷᠦᠭᠰᠡᠨ ᠪᠠᠶᠢᠪᠠ᠃     ᠮᠠᠯᠴᠢᠳ ᠪᠠᠶᠠᠷᠯᠠᠯᠳᠤᠵᠤ ᠮᠠᠯ ᠤᠨ ᠵᠤ ᠲᠠᠨᠢᠢᠯ᠎ᠠ     ᠵᠤᠨ ᠤ ᠵᠢᠷᠭᠤᠭᠠᠨ ᠰᠠᠷ᠎ᠠ ᠳᠤ ᠢᠩᠬᠢᠵᠤ ᠨᠠᠶᠢᠳᠠᠮ ᠤᠨ ᠴᠢᠨᠠᠷᠳᠠᠢ ᠤᠷᠤᠭᠰᠠᠨ ᠪᠤᠷᠤᠭᠠᠨ ᠢ ᠤᠢᠢᠷ᠎ᠠ ᠶᠢᠨ ᠠᠷᠪᠠᠨ   ᠵᠢᠯ ᠳᠤ ᠤᠯᠵᠤ ᠬᠠᠷᠠᠭ᠎ᠠ ᠦᠭᠡᠢ ᠪᠤᠯᠬᠤᠷ ᠡᠨᠡ ᠪᠤᠯ ᠶᠤᠰᠤᠳᠠᠢ ᠴᠠᠭ ᠲᠠᠭᠠᠨ ᠲᠤᠬᠢᠷᠠᠭᠰᠠᠨ ︽ ᠲᠡᠭᠷᠢ ᠶᠢᠨ   ᠲᠦᠷᠦᠯ ᠵᠦᠢᠯ︾ ᠬᠡᠮᠡᠨ ᠬᠤᠶᠠᠷ ᠬᠤᠰᠢᠭᠤᠨ ᠤ ᠮᠠᠯᠴᠢᠳ ᠪᠠᠶᠠᠷᠯᠠᠯᠳᠤᠨ ᠶᠠᠷᠢᠵᠠᠭᠠᠵᠤ ᠪᠠᠶᠢᠪᠠ᠃ ᠬᠦᠪᠡᠭᠡᠳᠦ ᠰᠢᠷ᠎ᠠ ᠬᠤᠰᠢᠭᠤᠨ ᠤ ᠪᠤᠭᠳᠠ ᠶᠢᠨ ᠭᠤᠤᠯ ᠰᠤᠮᠤ ᠶᠢᠨ ᠬᠤᠨᠢᠴᠢᠨ ᠬᠠᠰᠢᠶᠠᠳᠦ ᠭᠠᠴᠠᠭᠠᠨ ᠳᠤ ᠪᠠᠶᠢᠳᠠᠭ   ᠦᠩᠭᠡᠷᠡᠭᠰᠡᠨ ᠳᠤ ᠵᠢᠭᠠᠰᠤ ᠵᠢᠷᠠᠭᠠᠬᠠᠢ ᠲᠦᠯᠵᠢᠬᠦᠯᠳᠡᠭ ᠤᠯᠠᠭᠠᠨᠨᠠᠭᠤᠷ ᠰᠢᠷᠬᠢᠭᠡᠳ ᠬᠤᠷᠢ ᠰᠢᠬᠠᠮ ᠵᠢᠯ ᠪᠤᠯᠤᠭᠰᠠᠨ   ᠴᠤ ᠡᠨᠡ ᠤᠳᠠᠭᠠᠨ ᠤ ᠪᠤᠷᠤᠭᠠᠨ ᠢᠶᠠᠷ ᠬᠠᠷᠢᠨ ᠬᠡᠪᠡᠯᠢ ᠨᠢ ᠲᠦᠭᠦᠷᠦᠭᠰᠡᠨ ᠪᠦᠭᠡᠳ ᠲᠤᠰ ᠭᠠᠴᠠᠭᠠᠨ ᠤ ᠪᠠᠷᠠᠭᠤᠨ   ᠭᠡᠰᠡᠭ ᠤᠨ ᠨᠤᠳᠤᠭ ᠤᠨ ᠬᠤᠩᠬᠤᠷ ᠪᠤᠯᠭᠠᠨ ᠪᠠᠷᠤᠭ ᠨᠠᠭᠤᠷᠯᠠᠵᠠᠢ ᠭᠡᠵᠤ ᠨᠤᠳᠤᠭ ᠤᠨ ᠮᠠᠯᠴᠢᠳ ᠶᠠᠷᠢᠵᠤ ᠪᠠᠶᠢᠪᠠ᠃   ︽ᠮᠠᠨ ᠤ ᠨᠤᠳᠤᠭ ᠢᠶᠠᠷ ᠪᠤᠷᠤᠭᠠᠨ ᠰᠠᠶᠢᠨ ᠤᠷᠤᠭᠰᠠᠨ ᠪᠤᠯᠬᠤᠷ ᠮᠠᠯᠴᠢᠳ ᠤᠨᠴᠠᠭᠠᠢ ᠪᠠᠶᠠᠷᠳᠠᠢ ᠪᠠᠶᠢᠨ᠎ᠠ᠂   ᠢᠯᠠᠩᠭᠤᠶ᠎ᠠ ᠮᠠᠨ ᠤ ᠭᠠᠴᠠᠭᠠᠨ ᠤ ᠪᠠᠷᠠᠭᠤᠨ ᠭᠡᠰᠡᠭ ᠤᠨ ᠨᠤᠳᠤᠭ ᠤᠳ ᠢᠶᠠᠷ ᠪᠦᠷ ᠶᠡᠭᠡ ᠤᠷᠤᠭᠰᠠᠨ᠃ ᠭᠠᠵᠠᠷ ᠤᠨ   ᠬᠦᠷᠦᠰᠤ ᠪᠠᠷᠤᠭ 50 ᠰᠠᠨᠲ᠋ᠢᠮᠧᠳ᠋ᠷ ᠬᠢᠷᠢᠲᠠᠢ ᠨᠡᠪᠳᠡᠷᠡᠭᠰᠡᠨ ᠢᠶᠠᠷ ᠴᠢᠬᠢᠭ ᠤᠨ ᠬᠡᠮᠵᠢᠶ ᠎ᠠ ᠶᠡᠭᠡ᠃ ᠲᠠᠬᠢᠪᠠᠯ ᠪᠠᠷᠤᠭ   ᠬᠤᠷᠢᠨ ᠵᠢᠯ ᠶᠠᠪᠤᠭ᠎ᠠ ᠦᠭᠡᠢ ᠬᠤᠯᠠ ᠶᠢᠨ ᠦᠶᠠᠷ ᠢᠷᠡᠭᠰᠡᠨ᠂ ᠬᠡᠮᠵᠢᠶ᠎ᠠ ᠨᠢ ᠶᠡᠭᠡ ᠪᠦᠭᠡᠳ ᠳᠡᠯᠭᠡᠬᠦᠨ ᠴᠤ   ᠦᠶᠠᠷᠯᠡᠭᠰᠡᠨ᠂ ᠵᠠᠩ ᠬᠢᠷᠢᠳᠡᠢ ᠬᠦᠨ ᠭᠤᠤ ᠳᠦᠬᠦᠷᠤᠭᠡᠳ ᠦᠶᠠᠷᠯᠠᠵᠤ ᠪᠠᠶᠢᠭᠰᠠᠨ᠃ ᠮᠠᠨ ᠤ ᠨᠤᠳᠤᠭ ᠤᠨ   ᠨᠤᠭᠤᠭᠠᠨ ᠤ ᠤᠷᠭᠤᠯᠳᠠ ᠶᠢᠨ ᠪᠠᠶᠢᠳᠠᠯ ᠠᠴᠠ ᠠᠪᠴᠤ ᠦᠵᠡᠪᠡᠯ ᠡᠬᠢᠯᠡᠭᠡᠳ ᠲᠠᠶᠢᠮᠤ ᠠᠶᠢᠬᠤᠪᠳᠤᠷ ᠦᠭᠡᠢ᠂ ᠨᠠᠷᠠ   ᠰᠠᠶᠢᠨ ᠬᠠᠯᠠᠬᠤ ᠦᠭᠡᠢ ᠳᠡᠭᠡᠷ᠎ᠠ ᠪᠠᠨ ᠰᠠᠯᠬᠢᠯᠠᠭᠠᠳ ᠰᠦᠨᠢ ᠳᠡᠭᠡᠨ ᠶᠡᠭᠡ ᠰᠡᠷᠢᠬᠦᠨ ᠪᠠᠶᠢᠭᠰᠠᠨ᠃ ᠤᠳᠤ ᠬᠡᠷᠪᠡ   ᠨᠠᠷᠠ ᠰᠠᠶᠢᠨ ᠬᠠᠯᠠᠪᠠᠯ ᠨᠤᠭᠤᠭ᠎ᠠ ᠴᠤ ᠰᠠᠶᠢᠨ ᠤᠷᠭᠤᠨ᠎ᠠ ᠳ᠋ᠠ︾ ᠭᠡᠵᠤ ᠲᠤᠰ ᠭᠠᠴᠠᠭᠠᠨ ᠤ ᠮᠠᠯᠴᠢᠨ   ᠪᠦᠷᠢᠨᠪᠠᠭᠠᠲᠤᠷ ᠪᠠᠶᠠᠷᠳᠠᠢ ᠨᠢ ᠠᠷᠭ᠎ᠠ ᠦᠭᠡᠢ ᠶᠠᠷᠢᠵᠤ ᠪᠠᠶᠢᠯ᠎ᠠ᠃     ᠰᠦᠨᠢᠳ ᠤᠨ ᠲᠠᠯ᠎ᠠ ᠳᠤ ᠭᠤᠤᠯ ᠦᠶᠠᠷᠯᠠᠳᠠᠯ᠎ᠠ ᠪᠤᠷᠤᠭᠠᠨ ᠤᠷᠤᠯ᠎ᠠ ᠭᠡᠳᠡᠭ ᠲᠦᠰᠦᠷ ᠤᠨ ᠵᠢᠯ ᠳᠤ ᠰᠤᠨᠤᠰᠳᠠᠭ᠎ᠠ   ᠦᠭᠡᠢ ᠰᠤᠨᠢᠷᠬᠠᠯᠳᠠᠢ ᠴᠢᠮᠡᠭᠡ ᠪᠤᠯᠬᠤ ᠨᠢ ᠭᠠᠷᠴᠠᠭ᠎ᠠ ᠦᠭᠡᠢ᠃ ᠡᠨᠡ ᠤᠳᠠᠭᠠᠨ ᠤ ᠪᠤᠷᠤᠭᠠᠨ ᠢᠶᠠᠷ ᠬᠤᠷᠢ ᠰᠢᠬᠠᠮ   ᠵᠢᠯ ᠬᠠᠳᠠᠭᠰᠠᠨ ᠰᠦᠨᠢᠳ ᠪᠠᠷᠠᠭᠤᠨ ᠬᠤᠰᠢᠭᠤᠨ ᠤ ᠪᠦᠲᠦᠮᠵᠢ ᠶᠢᠨ ᠭᠤᠤᠯ ᠦᠶᠡᠷᠯᠡᠵᠤ᠂ ᠡᠴᠢᠭᠡ ᠲᠡᠭᠷᠢ ᠶᠢᠨ   ᠬᠤᠷ᠎ᠠ ᠡᠬᠡ ᠲᠠᠯ᠎ᠠ ᠶᠢᠨ ᠬᠦᠷᠦᠰᠤ ᠶᠢ ᠤᠮᠳᠠᠯᠠᠳᠠᠯ᠎ᠠ ᠤᠷᠤᠭᠰᠠᠨ ᠢ ᠭᠡᠷᠡᠴᠢᠯᠡᠨ᠎ᠠ᠃ ᠲᠠᠶᠢᠨᠬᠦ ᠲᠤᠰ ᠨᠤᠳᠤᠭ ᠤᠨ   ᠮᠠᠯᠴᠢᠳ ︽ᠪᠤᠷᠤᠭ᠎ᠠ ᠤᠷᠤᠯ᠎ᠠ᠂ ᠭᠠᠩ ᠲᠠᠶᠢᠯᠤᠭᠳᠠᠯ᠎ᠠ︾ ᠭᠡᠵᠤ ᠶᠡᠭᠡ ᠪᠠᠶᠠᠷᠯᠠᠵᠤ ᠪᠠᠶᠢᠯ᠎ᠠ᠃ ᠪᠠᠶᠠᠷᠯᠠᠯᠳᠤᠬᠤ ᠨᠢ   ᠴᠤ ᠲᠦᠮᠡᠨ ᠵᠦᠪ᠃ ᠲᠤᠰ ᠬᠤᠰᠢᠭᠤᠨ ᠤ ᠰᠠᠶᠢᠬᠠᠨᠳᠠᠯ᠎ᠠ ᠪᠠᠯᠭᠠᠰᠤ ᠶᠢᠨ ᠪᠠᠷᠠᠭᠤᠨᠪᠤᠯᠠᠭ ᠭᠠᠴᠠᠭ᠎ᠠ ᠪᠤᠯ ᠡᠨᠡ   ᠤᠳᠠᠭᠠᠨ ᠤ ᠪᠤᠷᠤᠭᠠᠨ ᠶᠡᠭᠡ ᠤᠷᠤᠭᠰᠠᠨ ᠭᠠᠵᠠᠷ ᠤᠨ ᠨᠢᠭᠡ ᠪᠤᠯᠤᠨ᠎ᠠ᠃ ᠪᠤᠷᠤᠭᠠᠨ ᠢᠶᠠᠷ ᠲᠤᠰ ᠭᠠᠴᠠᠭᠠᠨ ᠤ   ᠰᠢᠷᠭᠢᠭᠡᠳ ᠪᠠᠶᠢᠭᠰᠠᠨ ᠬᠤᠳᠤᠭᠤᠳᠤ ᠶᠢᠨ ᠨᠠᠭᠤᠷ᠂ ᠳᠠᠪᠤᠰᠤᠨ ᠨᠠᠭᠤᠷ᠂ ᠪᠦᠲᠦᠬᠦᠨ ᠨᠠᠭᠤᠷ ᠪᠦᠷ ᠨᠠᠭᠤᠷᠯᠠᠵᠠᠢ᠃   ᠲᠠᠶᠢᠨᠬᠦ ᠲᠤᠰ ᠨᠤᠳᠤᠭ ᠤᠨ ᠮᠠᠯᠴᠢᠳ ᠡᠨᠡ ᠬᠤᠶᠠᠷ ᠡᠳᠦᠷ ᠠᠴᠠ ᠬᠤᠷ᠎ᠠ ᠪᠠᠭᠤᠭᠰᠠᠨ ᠪᠠᠶᠠᠷ ᠤᠨ ᠡᠷᠴᠢᠨ ᠳᠡᠭᠡᠷ᠎ᠠ   ᠬᠤᠨᠢ ᠬᠤᠷᠠᠭᠠᠳ ᠤᠨ ᠢᠶᠠᠨ ︽ᠬᠤᠪᠴᠠᠰᠤ︾ ᠶᠢ ᠨᠢᠮᠭᠡᠯᠡᠬᠦ ᠠᠵᠢᠯ ᠳᠤ ᠤᠷᠮᠠᠳᠠᠢ ᠶᠠᠭᠠᠷᠠᠵᠤ ᠡᠬᠢᠯᠡᠵᠡᠢ᠃     — ᠪᠤᠷᠤᠭᠠᠨ ᠤᠷᠤᠭᠰᠠᠨ ᠠᠴᠠ ᠬᠤᠶᠢᠰᠢ ᠰᠠᠳᠬᠢᠯ ᠰᠠᠨᠠᠭ᠎ᠠ ᠮᠠᠨᠢ ᠴᠤ ᠠᠭᠤᠵᠢᠷᠠᠵᠤ᠂ ᠮᠠᠯᠴᠢᠳ ᠬᠤᠨᠢ   ᠬᠤᠷᠠᠭ᠎ᠠ ᠪᠠᠨ ᠤᠷᠮᠠᠳᠠᠢ ᠬᠠᠶᠢᠴᠢᠯᠠᠵᠤ ᠡᠬᠢᠯᠡᠵᠡᠭᠡᠭᠰᠡᠨ᠃ ᠮᠨᠨ ᠤ ᠠ ᠳᠠᠬᠢ ᠭᠠᠵᠠᠷ ᠤᠨ ᠬᠦᠷᠦᠰᠤ ᠪᠠᠷᠤᠭ   ᠲᠤᠬᠤᠢ ᠢᠯᠡᠬᠦᠤ ᠨᠡᠪᠲᠡᠷᠡᠵᠠᠢ᠃ ᠡᠷᠬᠢᠨ ᠲᠤᠭᠤᠷᠢᠨ ᠤ ᠨᠠᠭᠤᠷ ᠤᠳ ᠪᠦ᠋ᠷ ᠨᠠᠭᠤᠷᠯᠠᠭᠰᠠᠨ᠃ ᠡᠨᠡ ᠤᠳᠠᠭᠠᠨ ᠤ   ᠪᠤᠷᠤᠭᠠᠨ ᠵᠦᠭᠡᠯᠡᠨ ᠤᠷᠤᠭᠰᠠᠨ᠂ ᠪᠠᠰᠠ ᠲᠡᠭᠷᠢ ᠲᠤᠯᠠᠭᠠᠬᠠᠨ ᠤᠴᠢᠷ ᠠᠴᠠ ᠮᠠᠯ ᠬᠠᠷ᠎ᠠ ᠠ ᠳ᠋ᠡᠭᠰᠡᠨ ᠶᠠᠪᠤᠳᠠᠯ   ᠦᠭᠡᠢ᠂ ᠴᠠᠭ ᠨᠢ ᠤᠷᠲᠤ ᠰᠢᠪᠰᠢᠭᠡ ᠪᠤᠷᠤᠭᠠᠨ ᠤᠷᠤᠭᠰᠠᠨ᠃ ᠡᠭᠦᠨ ᠠᠴᠠ ᠡᠮᠦᠨ᠎ᠠ ᠮᠠᠨ ᠤ ᠨᠤᠳᠤᠭ ᠤᠨ   ᠪᠡᠯᠴᠢᠭᠡᠷ ᠴᠠᠭᠠᠨ ᠴᠤ ᠦᠭᠡᠢ ᠨᠤᠭᠤᠭᠠᠨ ᠴᠤ ᠦᠭᠡᠢ ᠪᠤᠯᠵᠤ ᠤᠳᠤ ᠵᠢᠭᠠᠬᠠᠨ ᠤᠳᠠᠭᠰᠠᠨ ᠪᠤᠯ ᠤᠳᠤᠷ ᠶᠠᠪᠤᠮᠠᠷ   ᠪᠤᠯᠤᠭᠠᠳ ᠭᠠᠩ ᠤᠨ ᠪᠠᠶᠢᠳᠠᠯ ᠬᠦᠨᠳᠤ ᠪᠤᠯᠴᠢᠬᠠᠭᠠᠤᠨ ᠪᠠᠶᠢᠪᠠ᠃ ᠡᠨᠡ ᠪᠤᠷᠤᠭᠠᠨ ᠪᠤᠯ ᠶᠤᠰᠤᠳᠠᠢ ᠤᠨᠢᠨ   ᠳᠡᠭᠡᠷ᠎ᠠ ᠨᠢ ᠪᠠᠭᠤᠭᠰᠠᠨ ᠲᠡᠭᠷᠢ ᠶᠢᠨ ᠲᠦᠷᠦᠯ ᠵᠦᠢᠯ ᠡ ᠭᠡᠵᠤ ᠲᠤᠰ ᠭᠠᠴᠠᠭᠠᠨ ᠤ ᠮᠠᠯᠴᠢᠨ ᠰᠡᠷᠬᠦᠯᠡᠩᠪᠠᠭᠠᠲᠤᠷ   ᠰᠡᠳᠬᠢᠯ ᠲᠤᠭᠲᠤᠯᠤᠨ ᠶᠠᠷᠢᠵᠤ ᠪᠠᠶᠢᠪᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃   ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ : 010098    蒙ICP备05000248号