ᠤᠷᠤᠯᠳᠤᠯᠭ᠎ᠠ ᠪᠠᠶᠢᠪᠠᠯ ᠤᠷᠤᠭᠤᠳᠠᠬᠰᠠᠨ ᠠᠮᠢᠳᠤᠷᠠᠯ ᠴᠤ ᠦᠭᠡᠳᠡᠯᠡᠵᠦ ᠲᠡᠶᠢᠯᠦᠨ᠎ᠡ
ᠨᠡᠶᠢᠲᠡᠯᠡᠭᠰᠡᠨ ᠴᠠᠭ᠄
2016/7/16
   — ᠠᠮᠢᠳᠤᠷᠠᠯ ᠬᠦᠴᠢᠷᠳᠠᠯᠳᠠᠢ ᠮᠠᠯᠴᠢᠨ ᠪᠠᠳᠤᠰᠠᠭᠤᠷᠢ ᠶᠢᠨ ᠬᠢᠨ ᠢ ᠰᠤᠷᠪᠤᠯᠵᠢᠯᠠᠭᠠᠳ ᠤᠨᠴᠠ ᠤᠷᠢᠬᠰᠠᠨ ᠰᠤᠷᠪᠤᠯᠵᠢᠯᠠᠬᠴᠢ ᠪᠤ · ᠲᠤᠶᠠᠭ᠎ᠠ    ᠬᠦᠳᠡᠭᠡ ᠨᠤᠳᠤᠭ ᠢᠶᠠᠷ ᠶᠠᠳᠠᠭᠤ ᠬᠦᠴᠢᠷᠳᠠᠯᠳᠠᠢ ᠡᠷᠦᠭᠡ ᠶᠢᠨ ᠪᠦᠷᠢᠳᠭᠡᠯ ᠳᠤ ᠲᠡᠮᠳᠡᠭᠯᠡᠬᠦᠯᠵᠦ ᠶᠠᠪᠤᠭ᠎ᠠ ᠪᠦᠬᠦᠨ ᠢ  ᠠᠵᠢᠬᠤ ᠳᠤ ᠭᠠᠮᠰᠢᠭ ᠵᠤᠳ᠂ ᠡᠪᠡᠳᠴᠢᠨ ᠵᠤᠪᠠᠯᠠᠩ᠂ ᠠᠮᠢᠳᠤᠷᠠᠯ ᠤᠨ ᠰᠠᠭᠤᠷᠢ ᠨᠢᠮᠭᠡᠨ ᠭᠡᠬᠦᠴᠢᠯᠡᠨ  ᠶᠠᠳᠠᠭᠤᠷᠠᠭᠰᠠᠨ ᠰᠢᠯᠳᠠᠭᠠᠨ ᠨᠢ ᠶᠠᠩᠵᠦ ᠶᠢᠨ ᠤᠯᠠᠨ ᠪᠠᠶᠢᠳᠠᠭ᠃ ᠮᠦᠨ ᠲᠡᠭᠡᠭᠡᠳ ᠵᠦᠳᠡᠷᠡᠭᠰᠡᠨ ᠠᠮᠢᠳᠤᠷᠠᠯ ᠳᠠᠭᠠᠨ  ᠵᠠᠷᠢᠮ ᠨᠢᠭᠡ ᠨᠢ ᠵᠢᠳᠬᠦᠯ ᠲᠠᠢ ᠪᠠᠶᠢᠬᠤ ᠳᠤ ᠠᠯᠠᠭ᠎ᠠ ᠪᠠᠨ ᠲᠤᠰᠤᠭᠠᠳ ᠰᠠᠭᠤᠵᠤ ᠪᠠᠶᠢᠳᠠᠭ ᠨᠢ ᠴᠤ ᠵᠦᠡᠭᠳᠡᠭᠡᠨ᠃  ᠬᠠᠷᠢᠨ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠢᠨᠵᠧᠨᠧᠷᠢᠩ ᠢ ᠪᠦᠬᠦ ᠬᠦᠴᠦᠨ ᠢᠶᠠᠷ ᠠᠬᠢᠭᠤᠯᠵᠦ  ᠪᠠᠶᠢᠭ᠎ᠠ ᠦᠨᠦᠳᠦᠷ ᠠᠮᠢᠳᠤᠷᠠᠯ ᠨᠢ ᠬᠦᠴᠢᠷᠳᠠᠯᠳᠠᠢ ᠪᠠᠳᠡᠷᠡᠵᠦ ᠶᠠᠪᠤᠭᠰᠠᠨ ᠡᠷᠦᠭᠡ ᠲᠡᠭᠵᠢᠷᠡᠵᠦ ᠦᠭᠡᠳᠡᠯᠡᠵᠦ  ᠶᠠᠪᠤᠭ᠎ᠠ ᠨᠢ ᠴᠤ ᠵᠠᠬ᠎ᠠ ᠠᠴᠠ ᠪᠠᠨ ᠤᠯᠠᠨ ᠪᠤᠢ᠃ ᠠᠪᠠᠭ᠎ᠠ ᠬᠤᠰᠢᠭᠤᠨ ᠤ ᠨᠠᠷᠠᠨᠪᠤᠯᠠᠭ ᠰᠤᠮᠤᠨ ᠤ ᠵᠢᠷᠭᠠᠯᠠᠩᠳᠦ  ᠭᠠᠴᠠᠭᠠᠨ ᠤ ᠮᠠᠯᠴᠢᠨ ᠪᠠᠳᠤᠰᠠᠭᠤᠷᠢ ᠶᠢᠨ ᠬᠢᠨ ᠬᠤᠷᠢᠭᠠᠳᠬᠠᠨ ᠮᠠᠯ ᠲᠠᠢ ᠪᠠᠶᠢᠭᠰᠠᠨ ᠠᠴᠠ ᠪᠠᠨ ᠤᠳᠤ ᠪᠤᠯᠬᠤ ᠳᠤ  ᠲᠦᠯ ᠢᠶᠠᠨ ᠲᠠᠯᠪᠢᠭᠠᠳ 400 ᠭᠠᠷᠤᠢ ᠮᠠᠯ ᠲᠠᠢ ᠪᠤᠯᠵᠦ᠂ ᠠᠮᠢᠳᠤᠷᠠᠯ ᠳᠠᠭᠠᠨ ᠲᠠᠩᠰᠠ ᠲᠠᠢ᠂ ᠠᠰᠢᠭ  ᠤᠷᠤᠯᠭ᠎ᠠ ᠶᠢᠨ ᠲᠤᠬᠳᠠᠮᠠᠯ ᠢᠷᠡᠯᠳᠠ ᠲᠠᠢ ᠪᠤᠯᠵᠦ ᠶᠠᠪᠤᠨ᠎ᠠ᠃     ᠪᠠᠳᠤᠰᠠᠭᠤᠷᠢ ᠶᠢᠨ ᠬᠢᠨ ᠪᠤᠯ ᠵᠢᠷᠭᠠᠯᠠᠩᠳᠦ ᠭᠠᠴᠠᠭᠠᠨ ᠤ 15 ᠶᠠᠳᠠᠭᠤ ᠬᠦᠴᠢᠷᠳᠠᠯᠳᠠᠢ ᠡᠷᠦᠭᠡ ᠶᠢᠨ ᠨᠢᠭᠡ ᠨᠢ  ᠪᠢᠯᠡ᠃ ᠠᠮᠢᠳᠤᠷᠠᠬᠤᠢ ᠶᠢᠨ ᠤᠬᠠᠭᠠᠨ ᠲᠤᠯᠢᠮᠠᠭ᠂ ᠪᠤᠳᠤᠵᠦ ᠲᠤᠩᠭᠠᠬᠤ ᠳᠠᠭᠠᠨ ᠠᠨᠠᠢ ᠠᠴᠠ ᠪᠤᠯᠪᠠᠤ᠂  ᠡᠳᠡᠨᠡᠶᠢᠬᠢᠨ ᠤ ᠠᠮᠢᠳᠤᠷᠠᠯ ᠤᠨ ᠰᠠᠭᠤᠷᠢ ᠤᠤᠯ ᠠᠴᠠ ᠪᠠᠨ ᠲᠠᠩᠴᠢ ᠨᠢᠮᠭᠡᠨ᠃ 2008 ᠤᠨ ᠳᠤ ᠪᠠᠳᠤᠰᠠᠭᠤᠷᠢ  ᠠᠩᠬ᠎ᠠ ᠲᠤᠮᠳᠠᠳᠦ ᠪᠠᠨ ᠲᠡᠬᠦᠰᠤᠭᠡᠳ ᠬᠦᠳᠡᠭᠡ ᠨᠤᠳᠤᠭ ᠲᠠᠭᠠᠨ ᠪᠤᠴᠠᠵᠦ ᠮᠠᠯᠴᠢᠨ ᠵᠠᠶᠠᠭ᠎ᠠ ᠲᠦᠰᠢᠬᠦ ᠳᠡᠭᠡᠨ 17  ᠨᠠᠰᠤᠳᠠᠢ ᠯᠡ ᠪᠠᠶᠢᠵᠦ᠂ ᠠᠮᠢᠳᠤᠷᠠᠯ ᠢᠶᠠᠨ ᠬᠤᠷᠢᠭᠠᠳᠬᠠᠨ ᠬᠤᠨᠢ ᠲᠠᠢ ᠲᠤᠰᠴᠦ ᠠᠪᠤᠭᠰᠠᠨ᠃ ᠲᠡᠭᠡᠬᠦ ᠳᠡᠭᠡᠨ ᠲᠡᠷᠡ  ︽ᠡᠨᠡ ᠠᠮᠢᠳᠤᠷᠠᠯ ᠢᠶᠠᠨ ᠶᠠᠭᠠᠬᠢᠭᠰᠠᠨ ᠴᠦ ᠲᠡᠭᠡᠭᠰᠢᠯᠡᠬᠦᠯᠦᠨ᠎ᠡ︾ ᠭᠡᠵᠦ ᠰᠡᠳᠬᠢᠯ ᠳᠡᠭᠡᠨ ᠠᠨᠳᠠᠭᠠᠢ ᠲᠠᠢ ᠵᠤᠷᠢᠭ  ᠪᠠᠳᠦ ᠴᠢᠷᠮᠠᠶᠢᠵᠦ ᠯᠡ ᠶᠠᠪᠤᠯ᠎ᠠ᠃ 2014 ᠤᠨ ᠳᠤ ᠠᠪᠤ ᠨᠢ ᠨᠠᠰᠤ ᠪᠠᠷᠠᠵᠦ ᠡᠵᠢ ᠲᠠᠢ ᠪᠠᠨ ᠬᠤᠶᠠᠭᠤᠯᠬᠠᠨ  ᠦᠯᠡᠳᠡᠭᠰᠡᠨ ᠲᠡᠬᠦᠨ ᠤ ᠡᠬᠦᠷᠭᠡ ᠬᠷᠢᠭᠤᠴᠠᠯᠭ᠎ᠠ ᠤᠯᠠᠮ ᠴᠤ ᠬᠦᠨᠳᠦᠷᠡᠭᠰᠡᠨ ᠠᠴᠠ ᠬᠠᠯᠠ ᠲᠠᠢ ᠬᠠᠳᠠᠭᠤ ᠠᠵᠢᠯ  ᠠᠮᠢᠳᠤᠷᠠᠯ ᠤᠨ ᠨᠤᠭᠤᠴᠠᠭᠠᠨ ᠳᠤ ᠬᠠᠳᠠᠭᠤᠵᠢᠨ ᠵᠢᠳᠬᠦᠭᠰᠡᠭᠡᠷ ᠢᠷᠡᠵᠡᠢ᠃ ᠪᠠᠳᠤᠰᠠᠭᠤᠷᠢ ᠶᠢᠨ ᠴᠢᠷᠮᠠᠶᠢᠯᠭ᠎ᠠ  ᠵᠢᠳᠬᠦᠯ ᠢ ᠨᠤᠳᠤᠭ ᠤᠰᠤᠨ ᠤ ᠬᠢᠨ ᠨᠢ ᠨᠢᠳᠦᠨ ᠳᠡᠭᠡᠨ ᠬᠠᠷᠠᠵᠦ᠂ ᠰᠤᠮᠤ ᠭᠠᠴᠠᠭᠠᠨ ᠤ ᠬᠢᠨ ᠨᠢ ᠢᠪᠡᠭᠡᠯ ᠳᠡᠭᠡᠨ  ᠪᠠᠭᠳᠠᠭᠠᠪᠠ᠃ 2014 ᠤᠨ ᠳᠤ ᠶᠠᠳᠠᠭᠤ ᠶᠢ ᠲᠡᠳᠬᠦᠬᠦ ᠲᠦᠷᠦᠯ ᠵᠦᠢᠯ ᠢᠶᠠᠷ ᠡᠳᠡᠨᠡᠶᠢᠬᠢᠨ ᠳᠤ ᠨᠢᠭᠡ ᠯᠡ ᠲᠡᠭᠡᠷ᠎ᠡ  58 ᠬᠤᠷᠠᠭ᠎ᠠ ᠦᠭᠬᠦᠭᠰᠡᠨ ᠪᠦᠭᠡᠳ ᠲᠠᠷᠠᠭ᠎ᠠ ᠵᠢᠯ ᠨᠢ ᠪᠠᠰᠠ 61 ᠬᠤᠷᠠᠭ᠎ᠠ ᠪᠠᠷ ᠲᠡᠳᠬᠦᠨ ᠲᠡᠮᠵᠢᠪᠡ᠃     — ᠠᠩᠬ᠎ᠠ ᠡᠬᠢᠯᠡᠭᠡᠳ ᠠᠶᠢᠯ ᠭᠡᠷ ᠤᠨ ᠢᠶᠠᠨ ᠶᠠᠳᠠᠭᠤ ᠵᠦᠳᠡᠭᠦᠭᠡᠨ ᠠᠮᠢᠳᠤᠷᠠᠯ ᠢ ᠲᠤᠯᠵᠤ ᠶᠠᠪᠤᠬᠤ ᠳᠤ ᠲᠡᠩᠴᠢ  ᠭᠡᠴᠡᠬᠦᠬᠡᠨ ᠰᠠᠨᠠᠭᠳᠠᠵᠦ ᠪᠠᠶᠢᠯ᠎ᠠ᠃ ᠶᠠᠷᠦᠨᠢ ᠶᠠᠭᠠᠬᠢᠵᠦ ᠲᠡᠭᠵᠢᠷᠡᠬᠦᠯᠵᠦ ᠶᠠᠪᠤᠬᠤ ᠪᠢᠯᠡ ᠭᠡᠳᠡᠭ ᠲᠤ ᠰᠠᠨᠠᠭᠠᠰᠢᠷᠠᠵᠦ  ᠪᠠᠶᠢᠭᠰᠠᠨ ᠨᠢ ᠦᠨᠡᠨ᠃ ᠭᠡᠪᠡᠴᠦ ᠶᠠᠭᠠᠬᠢᠬᠤᠪ᠂ ᠨᠠᠰᠤ ᠵᠠᠯᠠᠭᠤ ᠶᠤᠮ ᠬᠤᠶᠢᠨ᠎ᠠ᠂ ᠠᠮᠢᠳᠤᠷᠠᠬᠤᠢ ᠶᠢᠨ ᠤᠬᠠᠭᠠᠨ  ᠪᠠᠶᠢᠬᠰᠠᠨ ᠴᠠᠭ ᠲᠤ ᠲᠡᠭᠵᠢᠷᠡᠵᠦ ᠦᠭᠡᠳᠡᠯᠡᠳᠡᠭ ᠪᠠᠶᠢᠯᠬᠦᠢ ᠭᠡᠳᠡᠭ ᠢᠳᠡᠭᠡᠯ ᠵᠤᠷᠢᠭ ᠶᠡᠷᠦ ᠪᠠᠭᠤᠷᠠᠭ᠎ᠠ ᠦᠭᠡᠢ᠃  ᠤᠷᠤᠯᠭ᠎ᠠ ᠵᠠᠷᠤᠯᠭ᠎ᠠ ᠪᠠᠨ ᠪᠤᠯᠬᠤ ᠶᠢᠨ ᠲᠤᠳᠤᠷ᠎ᠠ ᠵᠤᠬᠢᠴᠠᠭᠤᠯᠵᠦ ᠢᠷᠡᠭᠰᠡᠨ᠃ ᠬᠠᠷᠢᠨ ᠰᠤᠮᠤ ᠭᠠᠴᠠᠭᠠᠨ ᠤ  ᠲᠡᠮᠵᠢᠯᠭᠡ ᠪᠠᠷ 119 ᠬᠤᠷᠠᠭ᠎ᠠ ᠲᠠᠢ ᠪᠤᠯᠤᠭᠰᠠᠨ ᠨᠢ ᠶᠡᠭᠡ ᠢᠪᠡᠭᠡᠯ ᠪᠤᠯᠵᠦ᠂ ᠠᠮᠢᠳᠤᠷᠠᠯ ᠢᠶᠠᠨ  ᠴᠢᠨᠡᠭᠡᠯᠢᠭᠵᠢᠬᠦᠯᠬᠦ ᠳᠤ ᠪᠡᠳᠦ ᠰᠠᠭᠤᠷᠢ ᠪᠤᠯᠤᠭᠰᠠᠨ ᠮᠦᠷᠳᠡᠭᠡᠨ ᠪᠠᠰᠠ ᠴᠦ ᠶᠡᠭᠡ ᠬᠦᠴᠦᠨ ᠵᠤᠷᠢᠬᠵᠢᠭᠤᠯᠤᠯ  ᠪᠤᠯᠤᠭᠰᠠᠨ ᠭᠡᠮᠡᠨ ᠪᠠᠳᠤᠰᠠᠭᠤᠷᠢ ᠢᠳᠡᠭᠡᠯ ᠲᠡᠬᠦᠯᠳᠡᠷ ᠤᠴᠢᠷᠯᠠᠨ᠎ᠠ᠃ ᠨᠢᠳᠤᠨᠤᠨ ᠪᠠᠳᠤᠰᠠᠭᠤᠷᠢ ᠶᠢᠨ ᠬᠢᠨ ᠮᠠᠯ ᠤᠨ ᠵᠠᠷᠤᠴᠠᠭᠤᠯᠤᠯᠳᠠ ᠠᠴᠠ ᠪᠠᠨ 5 ᠲᠦᠮᠡ ᠰᠢᠬᠠᠮ ᠲᠦᠬᠦᠷᠢᠭ ᠤᠨ  ᠤᠷᠤᠯᠭ᠎ᠠ ᠡᠬᠦᠳᠴᠦ᠂ ᠡᠪᠡᠰᠦ ᠪᠤᠷᠳᠤᠭ᠎ᠠ ᠬᠦᠷᠦᠯᠴᠡᠭᠡ ᠲᠠᠢ ᠤᠷᠤᠭᠤᠯᠤᠨ᠂ ᠦᠢᠯᠡᠳᠪᠤᠷᠢᠯᠡᠯ ᠠᠮᠢᠳᠤᠷᠠᠯ ᠤᠨ  ᠤᠷᠤᠯᠭ᠎ᠠ ᠵᠠᠷᠤᠯᠭ᠎ᠠ ᠪᠠᠨ ᠨᠠᠷᠢᠨ ᠰᠠᠶᠢᠬᠠᠨ ᠵᠤᠬᠢᠴᠠᠭᠤᠯᠤᠬᠰᠠᠨ ᠪᠦᠭᠡᠳ ᠪᠠᠰᠠ 1 ᠲᠦᠮᠡ 5000 ᠲᠦᠬᠦᠷᠢᠭ  ᠵᠠᠷᠤᠴᠠᠭᠤᠯᠤᠨ ᠲᠦᠷᠦᠯ ᠵᠦᠢᠯ ᠤᠨ 100 ᠬᠠᠪᠳᠠᠭᠠᠢ ᠲᠦᠷᠪᠡᠯᠵᠢᠨ ᠮᠧᠳ᠋ᠷ ᠤᠨ ᠫᠧᠩ ᠬᠤᠷᠤᠭ᠎ᠠ ᠪᠠᠶᠢᠭᠤᠯᠤᠬᠰᠠᠨ  ᠪᠠᠶᠢᠵᠠᠢ᠃ ᠤᠳᠤ ᠲᠡᠳᠡᠨ ᠤ ᠬᠢ ᠤᠷᠤᠨ ᠰᠠᠭᠤᠴᠠ ᠭᠡᠬᠦ ᠠᠴᠠ ᠬᠤᠶᠠᠷ ᠮᠤᠩᠭᠤᠯ ᠭᠡᠷ ᠲᠠᠢ᠂ ᠶᠠᠪᠤᠵᠦ ᠰᠠᠭᠤᠬᠤ ᠳᠠᠭᠠᠨ  ᠬᠡᠷᠡᠭᠰᠡᠬᠦ ᠠᠴᠠ ᠨᠢᠭᠡ ᠮᠤᠲ᠋ᠤᠷ ᠲᠠᠢ᠂ ᠦᠢᠯᠡᠳᠪᠤᠷᠢᠯᠡᠯ ᠠᠮᠢᠳᠤᠷᠠᠯ ᠳᠠᠭᠠᠨ ᠬᠡᠷᠡᠭᠰᠡᠬᠦ ᠠᠴᠠ ᠨᠢᠭᠡ ᠭᠤᠷᠪᠡᠨ  ᠬᠦᠷᠳᠦᠳᠦ ᠮᠤᠲ᠋ᠤᠷ ᠲᠠᠢ᠂ ᠤᠰᠤ ᠲᠡᠭᠡᠭᠡᠬᠦ ᠳᠤ ᠵᠠᠷᠤᠬᠤ ᠠᠴᠠ ᠨᠢᠭᠡ ᠲᠷᠠᠺᠲ᠋ᠤᠷ ᠲᠠᠢ᠂ ᠨᠠᠷᠠ ᠰᠠᠯᠬᠢᠨ ᠤ  ᠡᠨᠧᠷᠬᠢ ᠪᠠᠷ ᠴᠠᠬᠢᠯᠭᠠᠨ ᠭᠠᠷᠭᠠᠬᠤ ᠲᠦᠬᠦᠭᠡᠷᠦᠮᠵᠢ ᠲᠠᠢ᠂ ᠴᠢᠨᠡᠭᠡᠯᠢᠭ ᠪᠢᠰᠢ ᠴᠦ ᠲᠠᠨᠢᠬᠦᠬᠡᠨ ᠲᠠᠪᠠᠳᠠᠢ ᠠᠮᠢᠳᠤᠷᠠᠯ  ᠡᠳ᠋ᠯᠡᠬᠦ ᠪᠤᠯᠤᠭᠰᠠᠨ ᠮᠦᠷᠳᠡᠭᠡᠨ ᠦᠪᠡᠷᠳᠡᠭᠡᠨ 400 ᠲᠦᠯ ᠲᠤᠰᠬᠤ ᠬᠠᠷᠠᠯᠳᠠ ᠲᠠᠢ ᠴᠢᠷᠮᠠᠶᠢᠵᠦ ᠶᠠᠪᠤᠨ᠎ᠠ᠃  ᠤᠢᠢᠷᠠᠬᠠᠨ ᠰᠤᠮᠤ ᠭᠠᠴᠠᠭᠠᠨ ᠠᠴᠠ ᠨᠢ ᠡᠨᠡ ᠵᠢᠯ ᠲᠦᠷᠦᠯ ᠵᠦᠢᠯ ᠤᠨ ᠤᠷᠤᠨ ᠰᠠᠭᠤᠴᠠ ᠪᠠᠶᠢᠭᠤᠯᠬᠤ ᠳᠤ  ᠨᠡᠷ᠎ᠡ ᠪᠠᠨ ᠮᠡᠳᠡᠬᠦᠯᠬᠦ ᠡᠰᠡᠬᠦ ᠶᠢ ᠨᠢ ᠠᠰᠠᠭᠤᠬᠤ ᠳᠤ ᠲᠡᠷᠡ ︽ᠵᠠ᠂ ᠦᠨᠦ ᠵᠢᠯ ᠤᠨ ᠤᠷᠤᠯᠭ᠎ᠠ ᠶᠢᠨ ᠪᠠᠶᠢᠳᠠᠯ ᠢᠶᠠᠨ  ᠦᠨᠳᠦᠰᠦᠯᠡᠵᠦ ᠪᠠᠶᠢᠭᠠᠳ ᠪᠤᠯᠤᠶ᠎ᠠ ᠳ᠋ᠠ᠃ ᠨᠢᠳᠤᠨᠤᠨ ᠫᠧᠩ ᠪᠠᠷᠢᠭᠤᠯᠤᠯ᠎ᠠ᠂ ᠠᠵᠦ ᠠᠬᠤᠢ ᠶᠢᠨ ᠲᠠᠷᠤᠯᠳᠠ ᠶᠡᠭᠡ  ᠰᠢᠭ ᠪᠠᠶᠢᠪᠠᠯ ᠲᠠᠷᠠᠭ᠎ᠠ ᠵᠢᠯ ᠠᠴᠠ ᠪᠤᠯᠤᠶ᠎ᠠ︾ ᠭᠡᠵᠦ ᠲᠠᠷᠤᠤᠬᠠᠨ ᠵᠠᠩ ᠢᠶᠠᠷ ᠲᠠᠩᠰᠠ ᠪᠤᠳᠤᠵᠤ ᠰᠠᠭᠤᠨ᠎ᠠ᠃     ᠠᠮᠢᠳᠤᠷᠠᠯ ᠤᠨ ᠶᠠᠳᠠᠭᠤᠷᠠᠯ ᠤᠯᠠᠨ ᠵᠦᠢᠯ ᠤᠨ ᠰᠢᠯᠳᠠᠭᠠᠨ ᠪᠠᠶᠢᠳᠠᠭ ᠴᠦ ᠰᠢᠯᠳᠠᠭᠠᠨ ᠢ ᠨᠢ ᠤᠬᠠᠵᠦ᠂ ᠲᠡᠭᠵᠢᠷᠡᠵᠦ  ᠦᠭᠡᠳᠡᠯᠡᠶ᠎ᠡ ᠭᠡᠮᠡᠨ ᠴᠢᠳᠠᠨ ᠶᠠᠳᠠᠨ ᠵᠢᠳᠬᠦᠵᠦ ᠶᠠᠪᠤᠭ᠎ᠠ ᠶᠢ ᠨᠢ ᠴᠠᠭ ᠲᠤᠬᠠᠢ ᠳᠤᠨᠢ ᠤᠨᠤᠪᠴᠢᠳᠠᠢ ᠠᠷᠭ᠎ᠠ  ᠬᠡᠮᠵᠢᠶ᠎ᠡ ᠪᠠᠷ ᠲᠡᠮᠵᠢᠵᠦ ᠲᠡᠳᠬᠦᠳᠡᠭ ᠶᠤᠮ ᠪᠤᠯ ᠶᠠᠳᠠᠭᠤ ᠠᠴᠠ ᠠᠩᠬᠢᠵᠢᠷᠠᠭᠤᠯᠬᠤ ᠬᠠᠷᠠᠯᠳᠠ ᠳᠠᠭᠠᠨ ᠬᠦᠷᠴᠦ  ᠴᠢᠳᠠᠨ᠎ᠠ ᠭᠡᠳᠡᠭ ᠢ ᠪᠠᠳᠤᠰᠠᠭᠤᠷᠢ ᠶᠢᠨ ᠬᠢᠨ ᠤ ᠡᠳᠦᠷ ᠠᠴᠠ ᠡᠳᠦᠷ ᠦᠭᠡᠳᠡᠯᠡᠵᠦ ᠶᠠᠪᠤᠭ᠎ᠠ ᠠᠮᠢᠳᠤᠷᠠᠯ ᠬᠡᠷᠡᠴᠢᠯᠡᠨ᠎ᠡ᠃ ᠦᠪᠡᠷᠳᠡᠭᠡᠨ ᠴᠢᠷᠮᠠᠶᠢᠯᠭ᠎ᠠ ᠲᠠᠢ ᠤᠷᠤᠯᠳᠤᠯᠭ᠎ᠠ ᠲᠠᠢ ᠪᠠᠶᠢᠭᠰᠠᠨ ᠴᠠᠭ ᠲᠤ ᠨᠤᠷᠠᠭᠰᠠᠨ ᠠᠮᠢᠳᠤᠷᠠᠯ ᠴᠦ ᠪᠤᠰᠴᠦ  ᠴᠢᠳᠠᠨ᠎ᠠ᠂ ᠨᠠᠮ ᠵᠠᠰᠠᠭ ᠤᠨ ᠢᠪᠡᠭᠡᠯ ᠪᠠᠶᠢᠭᠰᠠᠨ ᠴᠠᠭ ᠲᠤ ᠶᠠᠳᠠᠭᠰᠠᠨ ᠠᠮᠢᠳᠤᠷᠠᠯ ᠴᠦ ᠦᠭᠡᠳᠡᠯᠡᠵᠦ ᠴᠢᠳᠠᠨ᠎ᠠ᠃    ᠤᠨ ᠴᠠᠭ ᠤᠨ ᠤᠷᠤᠰᠬᠠᠯ᠂ ᠨᠡᠶᠢᠬᠡᠮ ᠤᠨ ᠬᠦᠭᠵᠢᠯᠳᠡ ᠶᠢ ᠲᠠᠭᠠᠯᠳᠤᠨ ᠬᠦᠳᠡᠭᠡ ᠨᠤᠳᠤᠭ ᠤᠨ ᠲᠦᠷᠰᠦ ᠪᠠᠶᠢᠳᠠᠯ  ᠦᠨᠡᠭᠡᠷ ᠴᠤ ᠶᠡᠭᠡᠪᠡᠷ ᠬᠤᠪᠢᠷᠠᠵᠤ ᠪᠠᠶᠢᠨ᠎ᠠ᠃ ᠵᠠᠮ ᠬᠠᠷᠢᠯᠴᠠᠭ᠎ᠠ ᠰᠠᠶᠢᠵᠢᠷᠠᠨ᠂ ᠴᠢᠮᠡᠭᠡ ᠬᠤᠯᠪᠤᠭ᠎ᠠ ᠳᠦᠭᠦᠮ  ᠲᠦᠳᠡ ᠪᠤᠯᠵᠤ᠂ ᠰᠠᠭᠤᠷᠢ ᠪᠦᠳᠦᠬᠡᠨ ᠪᠠᠶᠢᠭᠤᠯᠤᠯᠳᠠ ᠨᠡᠶᠢᠳᠡᠮ ᠰᠠᠶᠢᠵᠢᠷᠠᠨ ᠴᠢᠨᠡᠭᠡᠯᠢᠭ ᠠᠮᠢᠳᠤᠷᠠᠯ ᠮᠠᠯᠵᠢᠬᠤ  ᠤᠷᠤᠨ ᠢᠶᠠᠷ ᠨᠡᠶᠢᠲᠡᠯᠢᠭᠵᠢᠵᠤ᠂ ᠬᠠᠭᠤᠴᠢᠨ ᠴᠠᠭ ᠤᠨ ᠠᠮᠢᠳᠤᠷᠠᠯ ᠤᠨ ᠳᠠᠳᠬᠠᠯ ᠬᠠᠶᠠᠭᠳᠠᠵᠤ ᠤᠷᠬᠢᠭᠳᠠᠭ᠎ᠠ ᠦᠭᠡᠢ  ᠮᠦᠷᠲᠡᠭᠡᠨ ᠰᠢᠨ᠎ᠠ ᠴᠠᠭ ᠦᠶ ᠎ᠡ ᠶᠢᠨ ᠢᠳᠡᠷᠡᠭᠦᠨ ᠠᠯᠬᠤᠭᠠᠨ ᠳᠤ ᠢᠳᠡᠪᠬᠢᠲᠠᠢ ᠤᠷᠤᠭᠰᠢᠯᠠᠵᠤ ᠴᠢᠳᠠᠭᠰᠠᠨ ᠨᠢ ᠲᠠ  ᠪᠢᠳᠡᠨ ᠤ ᠤᠮᠤᠭᠰᠢᠯ ᠪᠢᠯᠡ᠃    ᠬᠦᠳᠡᠭᠡ ᠨᠤᠳᠤᠭ ᠰᠢᠨᠡᠳᠦᠨ ᠬᠤᠪᠢᠷᠠᠬᠰᠠᠨ ᠴᠤ ᠡᠷᠲᠡᠨ ᠠᠴᠠ ᠤᠯᠠᠮᠵᠢᠯᠠᠵᠦ ᠢᠷᠡᠭᠰᠡᠨ ᠦᠨᠳᠦᠰᠦᠲᠡᠨ ᠤ ᠮᠢᠨᠢ  ᠰᠤᠶᠤᠯ ᠢᠷᠭᠡᠨᠰᠢᠯ ᠤᠷᠬᠢᠬᠳᠠᠭ᠎ᠠ ᠦᠭᠡᠢ ᠪᠠᠶᠢᠵᠤ᠂ ᠮᠠᠯᠴᠢᠨ ᠲᠦᠮᠡᠨ ᠮᠠᠨᠢ ᠪᠠᠶᠢᠭᠠᠯᠢ ᠶᠢᠨ ᠵᠢᠮ᠎ᠡ ᠶᠤᠰᠤ ᠪᠠᠨ  ᠲᠠᠭᠠᠵᠤ ᠤᠯᠠᠮᠵᠢᠯᠠᠯᠳᠤ ᠵᠠᠩ ᠳᠠᠳᠬᠠᠯ ᠢᠶᠠᠷ ᠢᠶᠠᠨ ᠤᠯᠠᠷᠢᠯ ᠢᠶᠠᠨ ᠳᠠᠭᠠᠭᠰᠠᠨ ᠤᠶᠠᠨᠴᠢ ᠠᠮᠢᠳᠤᠷᠠᠯ ᠢᠶᠠᠨ  ᠦᠷᠭᠦᠯᠵᠢᠯᠡᠭᠦᠯᠦᠭᠰᠡᠭᠡᠷ ᠪᠤᠢ᠃ ᠭᠡᠪᠡᠴᠦ ᠴᠠᠭ ᠡᠷᠡᠨ ᠤ ᠪᠠᠶᠢᠳᠠᠯ ᠬᠤᠪᠢᠷᠠᠭᠰᠠᠨ ᠦᠨᠦ ᠴᠠᠭ ᠤᠨ ᠨᠡᠶᠢᠭᠡᠮ ᠳᠤ  ᠮᠤᠩᠭᠤᠯ ᠨᠤᠲᠤᠭ ᠤᠨ ᠤᠳᠤᠬᠢ ᠪᠠᠶᠢᠳᠠᠯ ᠦᠡᠭᠭᠡᠨ ᠲᠠᠯ᠎ᠠ ᠠᠴᠠ ᠨᠢ ᠬᠠᠷᠠᠬᠤ ᠳᠤ ᠦᠡᠭᠭᠡᠵᠢᠨ ᠰᠢᠨᠡᠳᠦᠭᠰᠡᠨ ᠴᠤ  ᠬᠦᠳᠡᠭᠡ ᠨᠤᠲᠤᠭ ᠤᠨ ᠪᠡᠯᠴᠢᠭᠡᠷ ᠤᠨ ᠪᠠᠶᠢᠳᠠᠯ᠂ ᠮᠠᠯ ᠤᠨ ᠦᠨ᠎ᠡ ᠬᠠᠨᠭ᠍ᠰᠢ ᠵᠢᠴᠢ ᠵᠠᠬ ᠎ᠠ ᠳᠡᠯᠭᠡᠭᠦᠷ ᠲᠠᠬᠢ ᠮᠠᠯ ᠤᠨ  ᠠᠰᠢᠭ ᠰᠢᠮ᠎ᠡ ᠶᠢᠨ ᠪᠤᠷᠤᠯᠠᠭᠤᠯᠭ᠎ᠠ᠂ ᠮᠠᠯᠵᠢᠬᠤ ᠦᠢᠯᠡᠳᠪᠦᠷᠢᠯᠡᠯ ᠠᠮᠢᠳᠤᠷᠠᠯ ᠵᠡᠷᠭᠡ ᠨᠢ ᠪᠦᠷ ᠨᠡᠶᠢᠭᠡᠮ ᠤᠨ  ᠬᠠᠯᠠᠮᠰᠢᠯ ᠠᠰᠠᠭᠤᠳᠠᠯ ᠪᠤᠯᠤᠬᠰᠠᠭᠠᠷ ᠪᠠᠶᠢᠨ᠎ᠠ᠃ ᠠᠭᠤᠳᠠᠮ ᠲᠠᠨᠢᠭᠡᠷ ᠨᠤᠮᠢᠨ ᠨᠤᠭᠤᠭᠠᠨ ᠲᠠᠯ ᠎ᠠ ᠪᠠᠷ ᠬᠤᠭ ᠨᠤᠪᠰᠢ  ᠠᠳᠡ ᠲᠡᠨᠳᠡ ᠦᠭᠡᠢ ᠬᠡᠶᠢᠰᠴᠤ᠂ ᠤᠷᠴᠢᠨ ᠲᠤᠭᠤᠷᠢᠨ ᠤ ᠪᠤᠬᠢᠷᠳᠤᠯ ᠲᠠᠩᠴᠢ ᠭᠡᠴᠡᠭᠦᠳᠡᠨ ᠂ ᠠᠶᠢᠯ ᠬᠤᠳᠠᠨ ᠳᠤᠨᠢ  ᠠᠵᠢᠯ ᠬᠦᠳᠡᠯᠮᠦᠷᠢ ᠳᠤ ᠭᠠᠪᠰᠢᠭᠠᠢᠢᠯᠠᠬᠤ ᠶᠤᠰᠤᠳᠠᠢ ᠴᠢᠳᠠᠯ ᠲᠡᠩᠭᠡᠭᠡ ᠲᠠᠢ ᠬᠦᠮᠦᠰ ᠴᠦᠭᠡᠷᠡᠭᠰᠡᠨ ᠬᠦᠳᠡᠭᠡ  ᠨᠤᠳᠤᠭ ᠢᠶᠠᠨ ᠬᠠᠷᠠᠬᠤ ᠳᠤ ᠡᠵᠡᠭᠦᠢ ᠲᠠᠯ ᠎ᠠ ᠶᠢᠨ ᠡᠵᠡᠨ ᠦᠭᠡᠢ ᠨᠤᠲᠤᠭ ᠰᠢᠭ ᠯᠡ ᠪᠠᠶᠢᠨ᠎ᠠ᠃ ᠵᠤᠳ ᠭᠠᠮᠰᠢᠭ ᠪᠤᠯᠪᠡᠯ ᠲᠤᠰᠠᠯᠠᠮᠵᠢ ᠬᠠᠷᠠᠭᠠᠳ ᠰᠠᠭᠤᠬᠤ ᠬᠦᠮᠦᠨ ᠤᠯᠠᠨ᠂ ᠵᠢᠭᠡᠯᠡᠯᠭᠡ ᠨᠢ ᠠᠷᠪᠢᠳᠤᠭᠠᠳ  ᠦᠨᠳᠡᠶᠢᠬᠦ ᠳᠤ ᠪᠡᠷᠭᠡ ᠪᠤᠯᠤᠬᠰᠠᠨ ᠬᠦᠮᠤᠨ ᠴᠤ ᠤᠯᠠᠨ᠂ ᠶᠠᠭᠤᠮ᠎ᠠ ᠪᠤᠯᠭᠠᠨ ᠳᠤ ᠪᠤᠰᠤᠳ ᠢ ᠴᠢᠷᠠᠶᠢᠳᠠᠵᠤ᠂ ᠶᠠᠮᠠᠷ  ᠤᠴᠢᠷ ᠢᠶᠠᠨ ᠴᠤ ᠪᠤᠰᠤᠳ ᠲᠤ ᠲᠦᠯᠬᠢᠬᠦ ᠬᠦᠮᠦᠨ ᠤᠯᠠᠨ᠃ ᠤᠳᠤ ᠴᠠᠭ ᠤᠨ ᠬᠦᠳᠡᠭᠡ ᠨᠤᠳᠤᠭ ᠮᠢᠨᠢ  ᠶᠠᠭᠠᠬᠢᠭᠠᠳ ᠡᠶᠢᠮᠦ ᠪᠤᠯᠴᠢᠬᠠᠪᠠ⁈ ᠬᠦᠮᠦᠰ ᠤᠨ ᠦᠵᠡᠯᠳᠡ ᠲᠠᠨᠢᠯᠳᠠ ᠬᠤᠪᠢᠷᠠᠯᠳᠠ ᠲᠠᠢ ᠪᠤᠯᠤᠬᠰᠠᠨ ᠤ ᠬᠢ ᠤᠤ᠂  ᠤᠬᠠᠮᠰᠠᠷ ᠲᠤᠷᠤᠢ ᠪᠤᠯᠤᠬᠰᠠᠨ ᠤ ᠤᠴᠢᠷ ᠤᠤ︖ ᠡᠳᠡᠭᠡᠷ ᠨᠢ ᠪᠤᠰᠤᠳᠴᠢ ᠪᠠᠶᠢᠳᠠᠯ ᠠᠴᠠ ᠰᠢᠯᠳᠠᠭᠠᠯᠠᠬᠳᠠᠯ᠎ᠠ  ᠭᠡᠳᠡᠭ ᠴᠤ ᠪᠠᠶᠠᠴᠢ ᠲᠠᠯ᠎ᠠ ᠶᠢᠨ ᠰᠢᠯᠳᠠᠭᠠᠨ ᠢ ᠴᠤ ᠤᠮᠳᠤᠭᠠᠢᠢᠯᠠᠵᠤ ᠡᠰᠡ ᠪᠤᠯᠤᠨ᠎ᠠ ᠭᠡᠳᠡᠭ ᠢ ᠪᠢᠳᠡᠨ ᠪᠦᠬᠦᠨ  ᠲᠤᠩᠭᠠᠨ ᠪᠤᠳᠤᠭᠤᠰᠢᠳᠠᠢ⁈
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号