— ᠵᠢᠷ ᠤᠨ ᠭᠤᠤᠯ ᠪᠠᠯᠭᠠᠰᠤᠨ ᠤ ᠠᠬᠠᠮᠠᠳ ᠮᠠᠯᠴᠢᠨ ᠳᠥᠬᠦᠷᠡᠩᠪᠠᠶᠠᠷ ᠢ ᠰᠤᠷᠪᠤᠯᠵᠢᠯᠠᠭᠠᠳ | ᠰᠤᠷᠪᠤᠯᠵᠢᠯᠠᠭᠴᠢ ᠤᠳᠤᠨᠳᠤᠶᠠᠭ᠎ᠠ ᠪᠠᠷᠠᠭᠤᠨ ᠥᠵᠥᠮᠥᠴᠢᠨ ᠬᠤᠰᠢᠭᠤᠨ ᠤ ᠵᠢᠷ ᠤᠨ ᠭᠤᠤᠯ ᠪᠠᠯᠭᠠᠰᠤᠨ ᠤ | ᠠᠯᠳᠠᠳᠤ ᠭᠠᠴᠠᠭᠠᠨ ᠤ ᠠᠬᠠᠮᠠᠳ ᠮᠠᠯᠴᠢᠨ ᠳᠥᠬᠦᠷᠠᠩᠪᠠᠶᠠᠷ ᠭᠤᠸᠠᠢ ᠪᠤᠯ ᠮᠠᠯᠵᠢᠯ ᠤᠨ ᠤᠬᠠᠭᠠᠨ ᠳᠤ ᠴᠠᠭᠠᠷᠠᠭᠰᠠᠨ | ᠬᠠᠰᠢᠷ ᠮᠠᠯᠴᠢᠨ ᠶᠤᠮ᠃ ᠡᠳᠡᠨᠡᠶᠢᠬᠢᠨ ᠥᠵᠥᠮᠥᠴᠢᠨ ᠬᠤᠨᠢ ᠮᠠᠯᠵᠢᠬᠤ ᠶᠢᠨ ᠳᠠᠭᠠᠤ ᠥᠭᠡᠷ ᠠᠳᠤᠭᠤ ᠥᠰᠭᠡᠵᠤ | ᠶᠠᠪᠤᠭ᠎ᠠ ᠪᠠᠶᠠᠨ ᠠᠶᠢᠯ ᠡ᠃ ᠪᠠᠶᠠᠨ ᠠᠶᠢᠯ ᠭᠡᠵᠤ ᠳᠤᠷᠠᠳᠬᠤ ᠳᠤ ᠡᠵᠡᠨ ᠨᠢ ᠮᠠᠯ ᠤᠨᠤᠭ᠎ᠠ ᠪᠠᠨ ᠥᠰᠭᠡᠬᠦ ᠳᠤ | ᠠᠰᠤᠷᠤ ᠶᠡᠭᠡ ᠬᠥᠳᠠᠯᠮᠤᠷᠢ ᠵᠠᠷᠤᠴᠠᠭᠤᠯᠤᠭᠰᠠᠨ ᠪᠤᠯᠬᠤᠷ ᠮᠠᠯ ᠤᠨ ᠢᠶᠠᠨ ᠠᠰᠢᠬ ᠰᠢᠮ᠎ᠠ ᠶᠢ ᠰᠠᠶᠢᠨ ᠬᠥᠷᠳᠡᠵᠤ᠂ | ᠪᠠᠶᠠᠵᠢᠨ ᠴᠢᠨᠡᠭᠡᠯᠢᠭᠵᠢᠭᠰᠡᠠ ᠤ ᠤᠴᠢᠷ ᠪᠠᠶᠢᠬᠤ ᠶᠤᠰᠤᠳᠠᠢ᠃ ᠤᠳᠤ ᠳᠡᠳᠡᠨᠡᠶᠢᠬᠢᠨ ᠬᠤᠨᠢ ᠪᠠᠨ ᠴᠥᠭᠡᠴᠢᠯᠡᠵᠤ | ᠥᠭᠡᠷ ᠠᠳᠤᠭᠤ ᠭᠤᠤᠯᠳᠠᠢ ᠮᠠᠯᠵᠢᠵᠤ ᠪᠠᠶᠢᠬᠤ ᠪᠤᠯᠪᠠᠴᠤ ᠳᠡᠭᠡᠷ᠎ᠠ ᠵᠠᠭᠤᠨ ᠤ ᠶᠡᠷᠡᠭᠡᠳ ᠤᠨ ᠤ ᠰᠠᠬᠦᠯᠴᠢ ᠳᠤ | ᠮᠢᠩᠭᠠᠨ ᠬᠤᠨᠢ ᠳᠤᠭᠠᠯᠠᠭᠤᠯᠵᠤ ᠪᠠᠶᠢᠭᠰᠠᠨ᠃ ᠳᠡᠭᠡᠬᠦᠯᠡᠷ ᠲᠥᠬᠦᠷᠠᠩᠪᠠᠶᠠᠷ ᠭᠤᠸᠠᠢ ᠳᠤ ᠬᠤᠨᠢ ᠮᠠᠯᠵᠢᠬᠤ ᠠᠷᠭ᠎ᠠ | ᠳᠤᠷᠰᠢᠯᠭ᠎ᠠ ᠮᠤᠩᠳᠠᠬᠤ ᠥᠭᠡᠢ᠃ ᠵᠢᠷᠠᠨ ᠵᠢᠯ ᠤᠨ ᠬᠠᠪᠤᠷ ᠨᠠᠮᠤᠷ ᠢ ᠡᠯᠡᠭᠡᠭᠰᠡᠨ ᠳᠥᠬᠦᠷᠠᠩᠪᠠᠶᠠᠷ ᠭᠤᠸᠠᠢ ᠤᠳᠤ | ᠴᠤ ᠭᠡᠰᠡᠨ ᠮᠤᠷᠢ ᠪᠠᠨ ᠤᠨᠤᠭᠠᠳ ᠡᠳᠤᠷᠵᠢᠨ ᠬᠤᠨᠢ ᠪᠠᠨ ᠳᠠᠭᠠᠭᠠᠳ ᠪᠡᠯᠴᠢᠭᠡᠷᠯᠡᠬᠦᠯᠥᠨᠠ᠃ ᠳᠡᠷᠡ ᠵᠤᠨ ᠤ | ᠥᠷᠯᠥᠭᠡ 4 ᠴᠠᠭ ᠢᠶᠠᠷ ᠬᠤᠨᠢ ᠪᠠᠨ ᠪᠡᠯᠴᠢᠭᠡᠳᠡᠭ ᠭᠡᠨ᠎ᠠ᠃ ᠳᠡᠬᠦᠨ ᠤ ᠭᠡᠯᠡᠬᠦ ᠪᠠᠷ᠂ ᠤᠳᠤ ᠶᠢᠨ ᠮᠠᠯᠵᠢᠯᠭ᠎ᠠ | ᠤᠤᠯ ᠤᠨ ᠬᠢ ᠲᠠᠢ ᠠᠳᠠᠯᠢ ᠥᠭᠡᠢ᠂ ᠤᠤᠯ ᠳᠤ ᠥᠷ ᠢᠶᠠᠷ ᠬᠤᠨᠢ ᠪᠠᠨ ᠪᠡᠯᠴᠢᠭᠡᠪᠡᠯ ᠰᠢᠬᠦᠳᠡᠷᠢ ᠶᠢᠨ ᠤᠰᠤᠨ ᠳᠤ | ᠬᠤᠨᠢ ᠳᠤᠭᠤᠯᠬᠤ ᠠᠴᠠ ᠠᠶᠤᠵᠤ ᠥᠷᠯᠥᠭᠡ ᠨᠠᠷᠠ ᠲᠠᠢ ᠭᠠᠷᠭᠠᠳᠠᠭ ᠪᠠᠶᠢᠭᠰᠠᠨ᠃ ᠭᠡᠳᠡᠯ᠎ᠠ ᠤᠳᠤ ᠪᠡᠯᠴᠢᠭᠡᠷ | ᠮᠠᠭᠤᠳᠠᠭᠰᠠᠨ ᠪᠠ ᠳᠡᠭᠷᠢ ᠶᠡᠭᠡ ᠬᠠᠯᠠᠭᠤᠨ ᠪᠤᠯᠤᠭᠰᠠᠨ ᠢᠶᠠᠷ ᠬᠤᠨᠢ ᠪᠠᠨ ᠵᠡᠪᠡᠯ ᠡᠷᠳᠡ ᠪᠡᠯᠴᠢᠭᠡᠷᠯᠡᠬᠦᠯᠵᠤ ᠥᠳᠡ | ᠤᠢᠢᠷᠠᠳᠤᠬᠤ ᠳᠤ ᠰᠠᠬᠦᠳᠠᠷ ᠭᠠᠵᠠᠷ ᠲᠤ ᠭᠡᠪᠳᠡᠬᠦᠯᠬᠦ ᠶᠢ ᠪᠡᠷᠢᠮᠳᠠᠯᠠᠬᠤ ᠭᠡᠷᠡᠭᠳᠡᠢ ᠪᠤᠯᠤᠭᠰᠠᠨ ᠠᠵᠢ᠃ ︽ᠵᠤᠨ ᠤ | ᠴᠠᠭ ᠲᠤ ᠬᠤᠨᠢ ᠪᠠᠨ ᠤᠰᠤᠨ ᠳᠠᠷᠭᠤ ᠰᠠᠶᠢᠨ ᠠᠪᠤᠭᠤᠯᠬᠤ ᠥᠭᠡᠢ ᠪᠤᠯ ᠨᠠᠮᠤᠷ ᠳᠤᠰᠤᠨ ᠳᠠᠷᠭᠤ ᠠᠪᠴᠤ ᠳᠠᠶᠢᠯᠬᠦ | ᠥᠭᠡᠢ᠃ ᠡᠶᠢᠮᠤ ᠪᠤᠯᠬᠤᠷ ᠤᠰᠤᠨ ᠳᠠᠷᠭᠤ ᠠᠪᠤᠭᠤᠯᠬᠤ ᠪᠤᠯ ᠳᠤᠩ ᠴᠢᠬᠤᠯᠠ᠂ ᠮᠥᠨ ᠴᠤ ᠤᠰᠤᠨ ᠳᠠᠷᠭᠤ | ᠠᠪᠤᠭᠤᠯᠬᠤ ᠳᠤ ᠤᠰᠤ ᠤᠮᠳᠠ ᠶᠢ ᠵᠢᠭᠠᠬᠠᠨ ᠴᠤ ᠳᠤᠳᠠᠭᠤᠯᠵᠤ ᠪᠤᠯᠬᠤ ᠥᠭᠡᠢ︾ ᠭᠡᠵᠤ ᠳᠠᠷᠠ ᠮᠠᠯᠵᠢᠯ ᠤᠨ | ᠳᠤᠷᠰᠢᠯᠭ᠎ᠠ ᠪᠠᠨ ᠶᠠᠷᠢᠨ᠎ᠠ᠃ | ᠡᠳᠡᠨᠡᠶᠢᠬᠢᠨ 7000 ᠭᠠᠷᠤᠢ ᠮᠥ ᠪᠡᠯᠴᠢᠭᠡᠷ ᠲᠠᠢ᠃ ᠵᠢᠷ ᠤᠨ ᠭᠤᠤᠯ ᠪᠡᠯᠴᠢᠭᠡᠷ ᠢᠶᠠᠷ ᠨᠢ ᠥᠩᠭᠡᠷᠡᠵᠤ᠂ | ᠡᠮᠤᠨ᠎ᠠ ᠠᠴᠠ ᠬᠤᠶᠢᠰᠢ ᠪᠠᠨ ᠤᠷᠤᠰᠳᠠᠭ ᠪᠤᠯᠬᠤᠷ ᠤᠰᠤ ᠳᠤᠳᠠᠨ᠎ᠠ ᠭᠡᠵᠤ ᠵᠤᠪᠠᠭ᠋ᠤ ᠤᠴᠢᠷ ᠥᠭᠡᠢ᠃ ᠶᠡᠭᠡ | ᠭᠠᠩ ᠲᠠᠢ ᠵᠢᠯ ᠳᠤ ᠭᠤᠤᠯ ᠤᠨ ᠤᠷᠤᠰᠬᠠᠯ ᠳᠠᠳᠠᠭᠤᠷᠠᠭᠰᠠᠨ ᠴᠤ ᠬᠤᠳᠳᠤᠭ ᠤᠨ ᠤᠰᠤ ᠨᠢ ᠶᠡᠭᠡ | ᠬᠥᠷᠥᠯᠴᠡᠭᠡ ᠲᠠᠢ ᠪᠠᠶᠢᠳᠠᠭ᠃ ᠭᠤᠤᠯ ᠳᠠᠭᠠᠭᠰᠠᠨ ᠪᠠᠯᠴᠢᠭᠡᠷ ᠲᠤᠨᠢ ᠳᠠᠷᠠᠰᠤ ᠪᠤᠳᠠ ᠰᠥᠭᠯᠠᠶᠢᠨ ᠤᠷᠭᠤᠵᠤ᠂ | ᠭᠤᠭᠤᠳ ᠳᠠᠭᠠᠨ᠎ᠠ ᠶᠡᠭᠡ ᠤᠷᠭᠤᠳᠠᠭ᠃ ᠡᠳᠡᠨᠡᠶᠢᠬᠢᠨ ᠤ ᠶᠡᠭᠡᠩᠬᠢ ᠨᠤᠳᠤᠭ ᠭᠠᠭ᠋ᠠᠢ ᠡᠯᠡᠰᠤ ᠳᠤ ᠪᠠᠶᠢᠳᠠᠭ ᠴᠤ | ᠡᠯᠡᠰᠤᠨ ᠳᠤ ᠬᠠᠶᠢᠯᠠᠰᠤ ᠮᠤᠳᠤ ᠶᠡᠭᠡ ᠤᠷᠭᠤᠭᠰᠠᠨ ᠪᠥᠭᠡᠳ ᠰᠢᠷᠠᠯᠵᠢ ᠪᠤᠳᠠ ᠬᠠᠷᠭᠠᠨ᠎ᠠ ᠭᠤᠤᠯᠳᠠᠢ ᠪᠡᠯᠴᠢᠭᠡᠷ ᠲᠠᠢ | ᠶᠤᠮ᠃ | ᠳᠥᠬᠦᠷᠠᠩᠪᠠᠶᠠᠷ ᠭᠤᠸᠠᠢ ᠨᠠᠮᠤᠷ ᠪᠤᠯᠵᠤ ᠰᠠᠷᠢᠬᠦᠨ ᠤᠷᠤᠬᠤ ᠳᠤ ᠬᠤᠨᠢᠨ ᠤ ᠪᠠᠨ ᠤᠰᠤ ᠶᠢ ᠢᠳᠡᠭ | ᠢᠳᠡᠭ ᠢᠶᠠᠷ ᠬᠠᠰᠤᠵᠤ ᠳᠤᠰᠤᠨ ᠳᠠᠷᠭᠤ ᠠᠪᠤᠭᠤᠯᠬᠤ ᠶᠢ ᠠᠩᠬᠠᠷᠳᠠᠭ᠃ ︽ᠮᠤᠷᠢ ᠲᠠᠢ ᠬᠤᠨᠢ ᠬᠠᠷᠢᠭᠤᠯᠬᠤ ᠪᠤᠯ | ᠬᠤᠨᠢᠨ ᠤ ᠳᠠᠷᠭᠤ ᠬᠥᠴᠤ ᠶᠢ ᠪᠠᠳᠤᠯᠠᠬᠤ ᠳᠤ ᠤᠨᠴᠠ ᠰᠠᠶᠢᠨ ᠪᠠᠶᠢᠳᠠᠭ᠂ ᠨᠠᠮᠤᠷ ᠮᠠᠨᠠᠶᠢᠬᠢᠨ ᠤ ᠬᠤᠷᠠᠭ᠎ᠠ ᠨᠤᠭᠤᠳ | ᠳᠡᠭᠰᠢᠳᠭᠡᠭᠡᠳ 80 — 90 ᠵᠢᠩ ᠬᠥᠷᠳᠡᠭ᠃ ᠤᠳᠤ ᠪᠠᠯᠴᠢᠭᠡᠷ ᠤᠤᠯ ᠤᠨ ᠬᠢ ᠶᠢ ᠬᠥᠷᠬᠦ ᠥᠭᠡᠢ ᠪᠤᠯᠵᠠᠢ᠂ | ᠠᠩᠬᠠᠨ ᠳᠤ 90 — 100 ᠵᠢᠩ ᠤᠨ ᠬᠤᠷᠠᠭ᠎ᠠ ᠵᠥᠩᠳᠡᠭᠡᠨ ᠤᠯᠠᠨ ᠭᠠᠷᠳᠠᠭ ᠪᠠᠶᠢᠭᠰᠠᠨ︾ ᠭᠡᠮᠠᠨ | ᠬᠠᠭᠤᠴᠢᠯᠠᠨ᠎ᠠ᠃ ᠳᠡᠷᠡ ᠬᠤᠨᠢ ᠪᠠᠨ ᠡᠳᠤᠷᠵᠢᠨ ᠳᠠᠭᠠᠵᠤ ᠬᠠᠷᠢᠭᠤᠯᠤᠨ᠂ ᠪᠡᠯᠴᠢᠭᠡᠷ ᠰᠤᠩᠭᠤᠵᠤ᠂ ᠢᠳᠡᠰᠢᠯᠡᠬᠦ | ᠭᠡᠪᠳᠡᠬᠦ ᠶᠢ ᠨᠢ ᠰᠠᠶᠢᠳᠤᠷ ᠳᠤᠬᠢᠷᠠᠭᠤᠯᠤᠨ᠂ ᠲᠤᠰᠤᠨ ᠳᠠᠷᠭᠤ ᠰᠠᠶᠢᠨ ᠠᠪᠤᠭᠤᠯᠳᠠᠭ ᠪᠤᠯᠬᠤᠷ ᠡᠪᠤᠯ ᠬᠤᠨᠢᠨ ᠳᠠᠭᠠᠨ | ᠳᠡᠵᠢᠭᠡᠯ ᠪᠤᠷᠳᠤᠭ᠎ᠠ ᠥᠭᠳᠡᠭ ᠥᠭᠡᠢ ᠵᠥᠪᠭᠡᠨ ᠶᠢᠰᠤ ᠤᠷᠤᠬᠤᠯᠠᠷ ᠵᠢᠭᠠᠬᠠᠨ ᠡᠪᠡᠰᠤ ᠨᠠᠮᠠᠵᠤ ᠥᠭᠳᠡᠭ ᠪᠠᠶᠢᠨ᠎ᠠ᠃ | ᠬᠤᠨᠢ ᠬᠠᠷᠢᠭᠤᠯᠬᠤ ᠠᠵᠢᠯ ᠥᠵᠡᠬᠦ ᠳᠤ ᠠᠮᠠᠷᠬᠠᠨ ᠰᠢᠬ ᠰᠠᠨᠠᠭᠳᠠᠪᠠᠴᠤ ᠳᠡᠬᠦᠨ ᠳᠤ ᠶᠡᠭᠡ ᠤᠬᠠᠭᠠᠨ ᠤᠷᠤᠳᠠᠭ᠃ | ᠡᠨᠡ ᠳᠤᠬᠠᠢ ᠳᠥᠬᠦᠷᠠᠩᠪᠠᠶᠠᠷ ᠭᠤᠸᠠᠢ ︽ᠵᠤᠨ ᠡᠪᠡᠰᠤ ᠶᠡᠭᠡ ᠪᠤᠯᠬᠤᠷ ᠬᠤᠨᠢ ᠢᠯᠠᠭᠠᠨ ᠳᠤ ᠪᠠᠷᠢᠬᠳᠠᠬᠤ ᠶᠢ | ᠬᠢᠴᠢᠶᠡᠵᠤ ᠰᠠᠯᠬᠢᠨ ᠤ ᠤᠷᠤᠭᠤ ᠪᠡᠯᠴᠢᠭᠡᠷᠯᠡᠬᠦᠯᠵᠤ᠂ ᠡᠪᠤᠯ ᠰᠠᠯᠬᠢᠨ ᠥᠭᠡᠳᠡ ᠪᠡᠯᠴᠢᠭᠡᠷᠯᠡᠬᠦᠯᠳᠡᠭ︔ ᠬᠤᠴᠠ | ᠳᠠᠯᠪᠢᠬᠤ ᠳᠤ 25 ᠡᠮ᠎ᠠ ᠬᠤᠨᠢᠨ ᠳᠤ ᠳᠡᠭᠰᠢᠳᠭᠡᠭᠡᠳ ᠨᠢᠭᠡ ᠬᠤᠴᠠ ᠳᠠᠯᠪᠢᠳᠠᠭ ᠪᠥᠭᠡᠳ ᠭᠤᠷᠪᠡᠨ ᠵᠢᠯ ᠪᠤᠯᠪᠠᠯ | ᠨᠢᠭᠡ ᠰᠤᠯᠢᠳᠠᠭ︔ ᠰᠥᠷᠥᠭ ᠳᠤᠳᠤᠷ᠎ᠠ ᠠᠴᠠ ᠪᠠᠨ ᠪᠤᠶᠤ ᠤᠢᠢᠷ᠎ᠠ ᠵᠡᠷᠭᠡᠯᠡᠳᠡᠭᠡ ᠠᠶᠢᠯ ᠠᠴᠠ ᠪᠠᠨ ᠬᠤᠴᠠ | ᠰᠤᠩᠭᠤᠬᠤ ᠶᠢ ᠴᠡᠭᠡᠷᠯᠡᠵᠤ᠂ ᠵᠡᠬᠦᠨ ᠥᠵᠥᠮᠥᠴᠢᠨ ᠬᠤᠰᠢᠭᠤᠨ ᠠᠴᠠ ᠰᠢᠯᠢᠳᠡᠭ ᠡᠬᠦᠯᠳᠡᠷ ᠤᠨ ᠬᠤᠴᠠ ᠰᠤᠩᠭᠤᠨ | ᠠᠪᠴᠢᠷᠠᠳᠠᠭ︔ 200 ᠭᠠᠷᠤᠢ ᠬᠤᠨᠢ ᠡᠪᠤᠯᠵᠢᠬᠦᠯᠵᠤ᠂ ᠳᠥᠯ ᠢᠶᠠᠨ 3 ᠳ᠋ᠤᠭᠠᠷ ᠰᠠᠷ᠎ᠠ ᠶᠢᠨ ᠰᠢᠨᠡᠳ ᠢᠶᠠᠷ | ᠳᠤᠰᠴᠤ ᠨᠠᠮᠤᠷ 7 ᠳ᠋ᠤᠭᠠᠷ ᠰᠠᠷ᠎ᠠ ᠶᠢᠨ ᠰᠠᠬᠦᠯᠴᠢ 8 ᠳ᠋ᠤᠭᠠᠷ ᠰᠠᠷ᠎ᠠ ᠶᠢᠨ ᠡᠬᠢ ᠪᠠᠷ ᠵᠠᠷᠤᠴᠠᠭᠤᠯᠤᠨ ᠪᠡᠯᠴᠢᠭᠡᠷ ᠢᠶᠠᠨ | ᠨᠥᠭᠡᠴᠡᠯᠡᠳᠡᠭ︔ ᠡᠪᠤᠯ ᠬᠤᠨᠢ ᠪᠠᠨ ᠪᠢᠳᠡᠬᠦᠥ ᠫᠧᠩ ᠳᠤ ᠬᠤᠷᠢᠬᠤ ᠶᠢ ᠴᠡᠭᠡᠷᠯᠡᠵᠤ᠂ ᠵᠠᠳᠠᠭᠠᠢ ᠬᠠᠰᠢᠶᠠᠨ ᠳᠤ | ᠬᠤᠷᠢᠬᠤ ᠶᠢ ᠪᠠᠷᠢᠮᠳᠠᠯᠠᠳᠠᠭ︔ ᠪᠢᠳᠡᠬᠦᠥ ᠫᠧᠩ ᠳᠤ ᠬᠤᠷᠢᠪᠡᠯ ᠴᠠᠩ ᠶᠡᠭᠡ᠂ ᠴᠢᠭᠢᠭ ᠲᠠᠢ ᠪᠤᠯᠬᠤᠷ ᠬᠤᠨᠢᠨ ᠤ | ᠳᠠᠷᠭᠤ ᠬᠥᠴᠤ ᠶᠢ ᠨᠥᠯᠥᠭᠡᠯᠡᠬᠦ ᠪᠥᠭᠡᠳ ᠬᠤᠨᠢ ᠬᠠᠯᠠᠭᠤᠳᠠᠵᠤ᠂ ᠭᠡᠮ ᠬᠢᠵᠢᠭ ᠠᠮᠠᠷᠬᠠᠨ ᠳᠤᠰᠳᠠᠭ︾ ᠭᠡᠨ᠎ᠠ᠃ | ᠡᠪᠤᠯ ᠪᠤᠯᠤᠭᠰᠠᠭᠠᠷ ᠳᠠᠷᠠ ᠬᠤᠨᠢ ᠪᠠᠨ ᠥᠷᠯᠥᠭᠡ ᠡᠷᠳᠡᠭᠡᠨ ᠭᠠᠷᠭᠠᠵᠤ ᠤᠷᠤᠢ ᠡᠷᠳᠡ ᠬᠤᠳᠠᠯᠠᠬᠤ ᠶᠢ | ᠪᠠᠷᠢᠮᠳᠠᠯᠠᠭᠰᠠᠭᠠᠷ ᠢᠷᠡᠵᠡᠢ᠃ ᠳᠤᠬᠠᠢᠢᠯᠡᠪᠡᠯ ᠥᠷᠯᠥᠭᠡ 8 ᠴᠠᠭ ᠢᠶᠠᠷ ᠪᠠᠯᠴᠢᠭᠡᠷᠯᠡᠬᠦᠯᠵᠤ᠂ ᠥᠳᠡ ᠶᠢᠨ ᠬᠤᠶᠢᠨ᠎ᠠ | 4 ᠴᠠᠭ ᠲᠤ ᠬᠤᠳᠠᠯᠠᠳᠠᠭ᠃ ᠬᠤᠳᠠ ᠬᠥᠯᠳᠡᠬᠦ ᠠᠴᠠ ᠡᠮᠤᠨ᠎ᠠ ᠵᠠᠪᠳᠤᠵᠤ ᠬᠤᠨᠢ ᠪᠠᠨ ᠡᠷᠳᠡ ᠬᠤᠳᠠᠯᠠᠪᠠᠯ ᠬᠤᠨᠢ | ᠵᠢᠩᠳᠡᠬᠦ ᠠᠴᠠ ᠰᠡᠷᠭᠡᠶᠢᠯᠡᠵᠤ ᠴᠢᠳᠠᠳᠠᠭ ᠪᠠᠶᠢᠵᠠᠢ᠃ ᠳᠥᠬᠦᠷᠡᠩᠪᠠᠶᠠᠷ ᠭᠤᠸᠠᠢ ᠢᠩᠬᠢᠵᠤ ᠬᠤᠨᠢ ᠬᠠᠷᠢᠭᠤᠯᠬᠤ ᠳᠠᠭᠠᠨ | ᠪᠡᠯᠴᠢᠭᠡᠷ ᠤᠰᠤ ᠶᠢ ᠨᠢ ᠰᠢᠯᠢᠵᠤ ᠳᠤᠬᠢᠷᠠᠭᠤᠯᠬᠤ᠂ ᠳᠠᠷᠭᠤ ᠬᠥᠴᠤ ᠶᠢ ᠨᠢ ᠪᠠᠳᠤᠯᠠᠬᠤ᠂ ᠳᠥᠯ ᠮᠠᠯ ᠤᠨ | ᠴᠠᠳᠬᠤᠯᠳᠠ ᠶᠢ ᠠᠩᠬᠠᠷᠬᠤ᠂ ᠮᠠᠯ ᠤᠨ ᠬᠢᠵᠢᠭ ᠭᠡᠮ ᠢ ᠰᠡᠷᠭᠡᠶᠢᠯᠡᠬᠦ ᠭᠡᠬᠦ ᠮᠡᠳᠤ ᠪᠠᠷ ᠨᠢᠮᠪᠠᠢ ᠠᠷᠠᠴᠢᠯᠠᠵᠤ | ᠮᠠᠯᠵᠢᠭᠰᠠᠨ ᠤ ᠰᠠᠶᠢᠨ ᠢᠶᠠᠷ ᠬᠤᠨᠢᠳ ᠨᠢ ᠵᠢᠯ ᠪᠤᠯᠭᠠᠨ ᠥᠷᠡᠵᠢᠯ ᠰᠠᠶᠢᠳᠠᠢ᠂ ᠳᠠᠷᠭᠤ ᠰᠠᠶᠢᠳᠠᠢ ᠮᠦᠷᠳᠡᠭᠡᠨ ᠥᠨ᠎ᠠ | ᠲᠠᠭᠠᠭᠠᠳᠠᠭ ᠪᠠᠶᠢᠵᠠᠢ᠃ |