ᠵᠠᠯᠢᠬᠠᠢ ᠮᠡᠬᠡᠯᠡᠭᠴᠢ ᠬᠠᠤᠯᠢ ᠶᠢᠨ ᠦᠬᠡᠰᠢᠨ ᠳᠤ ᠤᠨᠠᠪᠠ
ᠨᠡᠶᠢᠲᠡᠯᠡᠭᠰᠡᠨ ᠴᠠᠭ᠄
2016/7/16
   4 ᠰᠠᠷ᠎ᠠ ᠶᠢᠨ 30᠎ ᠤ ᠡᠳᠦᠷ᠂ ᠪᠠᠷᠠᠭᠤᠨ ᠦᠵᠦᠮᠦᠴᠢᠨ ᠬᠤᠰᠢᠭᠤᠨ ᠤ ᠲᠣᠳᠣᠭᠠᠲᠦ ᠶᠢ ᠬᠠᠮᠠᠭᠠᠯᠠᠬᠤ  ᠲᠣᠪᠴᠢᠶᠠᠨ ᠤ ᠭᠤᠷᠣᠬᠠᠨ ᠪᠠᠯᠭᠠᠰᠣᠨ ᠳᠠᠬᠢ ᠲᠣᠮᠢᠯᠠᠭᠰᠠᠨ ᠰᠠᠯᠪᠦᠷᠢ ᠶᠢᠨ ᠴᠠᠭᠳᠠᠭ᠎ᠠ ᠨᠠᠷ ᠪᠠᠯᠭᠠᠰᠣᠨ ᠤ ᠰᠠᠭᠤᠭᠠᠯᠢ  ᠲᠣᠭᠤᠷᠢᠭ ᠢᠶᠠᠷ ᠲᠣᠭᠤᠷᠢᠨ ᠪᠠᠶᠢᠴᠠᠭᠠᠵᠦ ᠶᠠᠪᠣᠬᠤ ᠳᠠᠭᠠᠨ 3 ᠡᠷᠡᠭᠲᠠᠢ 1 ᠡᠮᠡᠭᠲᠠᠢ 4 ᠲᠠᠨᠢᠯ ᠪᠣᠰᠦ ᠬᠦᠮᠦᠨ  ᠦᠪᠡᠷ ᠢ ᠪᠠᠨ ᠯᠠᠮᠠ ᠬᠤᠸᠠᠷᠠᠭ ᠢᠶᠠᠷ ᠬᠠᠭᠤᠷᠮᠠᠭᠯᠠᠨ ᠡᠷᠦᠭᠡ ᠲᠠᠷᠠᠭᠠᠯᠠᠨ ᠲᠣᠭᠤᠷᠢᠵᠦ᠂ ᠰᠠᠭᠤᠭᠠᠯᠢ ᠠᠷᠠᠳ ᠢ  ᠮᠡᠬᠡᠯᠡᠵᠦ ᠪᠠᠶᠢᠬᠤ ᠶᠢ ᠮᠡᠳᠡᠭᠡᠳ ᠲᠠᠷᠦ᠋ᠢᠬᠠᠨ ᠪᠠᠷᠢᠪᠴᠢᠯᠠᠪᠡ᠃          ᠪᠠᠶᠢᠴᠠᠭᠠᠯᠳᠠ ᠪᠠᠷ ᠲᠠᠮᠵᠢᠨ ᠤᠢᠢᠯᠠᠭᠠᠭᠰᠠᠨ ᠢᠶᠠᠷ᠂ ᠡᠨᠡᠬᠦ 4 ᠬᠦᠮᠦᠨ ᠦᠪᠡᠷ ᠢ ᠪᠠᠨ ᠰᠦᠮ᠎ᠡ ᠶᠢᠨ ᠯᠠᠮᠠ  ᠴᠢᠪᠠᠭᠠᠨᠴᠠ ᠬᠡᠮᠡᠨ ᠬᠤᠳᠠᠯ ᠬᠡᠯᠡᠨ᠂ ᠪᠡᠶ᠎ᠡ ᠳᠡᠭᠡᠨ ᠮᠠᠰᠢ ᠣᠯᠠᠨ ᠬᠠᠭᠤᠷᠮᠠᠭ ᠪᠣᠷᠬᠠᠨ ᠤ ᠬᠡᠷᠡᠭᠰᠡᠯ ᠠᠪᠴᠦ᠂ ᠪᠣᠶᠠᠨ  ᠦᠢᠯᠡᠳᠴᠦ ᠶᠠᠪᠣᠭ᠎ᠠ ᠪᠠᠷ ᠣᠪᠯᠠᠨ᠂ ᠣᠬᠤᠷᠬᠠᠨ ᠴᠠᠭ ᠭᠠᠷᠣᠢ ᠶᠢᠨ ᠲᠣᠳᠣᠷ᠎ᠠ 10 ᠭᠠᠷᠣᠢ ᠬᠦᠮᠦᠨ ᠢ ᠮᠡᠬᠡᠯᠡᠨ  ᠵᠣᠭᠤᠰ ᠮᠦᠡᠭᠭᠦ ᠠᠪᠴᠦ ᠬᠠᠭᠤᠷᠮᠠᠭ ᠪᠣᠷᠬᠠᠨ ᠤ ᠬᠡᠷᠡᠭᠰᠡᠯ ᠢᠶᠠᠨ ᠦᠭᠴᠦ᠂ ᠨᠡᠶᠢᠳᠡ 1000 ᠭᠠᠷᠣᠢ ᠲᠦᠭᠦᠷᠢᠭ  ᠮᠡᠬᠡᠯᠡᠨ ᠠᠪᠣᠭᠰᠠᠨ ᠪᠠᠶᠢᠨ᠎ᠠ᠃           ᠠᠵᠢᠭᠴᠢ ᠬᠢᠷᠠᠬᠠᠢ ᠠᠷᠠᠳ ᠤᠨ ᠴᠠᠭᠳᠠᠭ᠎ᠠ ᠨᠠᠷ ᠤᠨ ᠲᠠᠷᠤᠢ ᠲᠦᠷᠬᠡᠨ ᠬᠦᠳᠡᠯᠦᠯᠴᠡᠭᠰᠡᠨ ᠢᠶᠠᠷ 4 ᠬᠠᠭᠤᠷᠤᠨ  ᠮᠡᠬᠡᠯᠡᠭᠴᠢ ᠬᠠᠤᠯᠢ ᠶᠢᠨ ᠦᠬᠡᠰᠢᠨ ᠳᠤ ᠤᠨᠠᠵᠤ᠂ ᠠᠷᠠᠳ ᠤᠯᠠᠨ ᠤ ᠬᠤᠬᠢᠷᠠᠭᠰᠠᠨ ᠡᠳ᠋ ᠮᠦᠡᠭᠬᠦ ᠶᠢ ᠡᠬᠡᠬᠦᠯᠦᠨ  ᠠᠪᠴᠢᠷᠠᠭᠰᠠᠨ ᠪᠠᠶᠢᠨ᠎ᠠ᠃    
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号