ᠬᠠᠤᠯᠢ ᠴᠠᠭᠠᠵᠠ ᠶᠢᠨ ᠦᠬᠡᠷᠡᠴᠢᠯᠡᠯᠳᠡ ᠲᠥᠪ ᠭᠤᠤᠯᠴᠢ ᠶᠢᠨ ᠲᠤᠯᠭᠠᠭᠤᠷᠢ
ᠨᠡᠶᠢᠲᠡᠯᠡᠭᠰᠡᠨ ᠴᠠᠭ᠄
2016/7/16
   ᠰᠢᠯᠤᠭᠤᠨ ᠬᠦᠪᠡᠬᠡᠳᠦ ᠴᠠᠭᠠᠨ ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠠᠷᠠᠳ ᠤᠨ ᠲᠦᠯᠥᠬᠡ ᠬᠠᠤᠯᠢ  ᠴᠠᠭᠠᠵᠠ ᠬᠡᠷᠡᠭᠵᠢᠬᠦᠯᠬᠦ ᠵᠤᠷᠢᠯᠳᠠ ᠶᠢ ᠪᠡᠶᠡᠯᠡᠬᠦᠯᠵᠦ᠂ ᠰᠢᠬᠦᠨ ᠲᠠᠰᠤᠯᠬᠤ ᠠᠵᠢᠯ ᠳᠤ ᠬᠦᠨᠵᠡᠬᠡᠢ ᠰᠤᠳᠤᠯᠤᠯᠳᠠ  ᠬᠢᠵᠦ᠂ ᠬᠠᠤᠯᠢ ᠴᠠᠭᠠᠵᠠ ᠶᠢᠨ ᠥᠬᠡᠷᠡᠴᠢᠯᠡᠯᠳᠡ ᠶᠢ ᠨᠠᠷᠢᠨ ᠬᠢᠨᠠᠮᠠᠭᠠᠢ ᠲᠤᠤᠱᠯᠠᠭᠤᠯᠵᠦ᠂ ᠲᠥᠪ ᠭᠤᠤᠯᠴᠢ ᠪᠠᠷ  ᠬᠠᠤᠯᠢ ᠶᠠᠪᠤᠭᠳᠠᠭᠤᠯᠬᠤ ᠶᠢ ᠦᠨᠡᠨᠬᠦ ᠲᠦᠯᠬᠢᠨ ᠠᠬᠢᠭᠤᠯᠵᠠᠢ᠃         ᠨᠢᠬᠡ᠂ ᠬᠢᠨᠠᠯᠳᠠ ᠲᠠᠯᠪᠢᠬᠤ ᠠᠵᠢᠯ ᠢ ᠴᠢᠩᠭᠠᠳᠬᠠᠪᠠ᠃ ᠰᠢᠯᠤᠭᠤᠨ ᠬᠦᠪᠡᠬᠡᠳᠦ ᠴᠠᠭᠠᠨ ᠬᠤᠰᠢᠭᠤᠨ ᠤ  ᠠᠷᠠᠳ ᠤᠨ ᠰᠢᠬᠦᠬᠦ ᠬᠤᠷᠢᠶ᠎ᠠ ᠶᠢᠨ ᠪᠦᠬᠦ ᠰᠢᠬᠦᠭᠴᠢ ᠨᠢ ᠠᠷᠠᠳ ᠤᠨ ᠲᠦᠯᠥᠬᠡᠯᠡᠭᠴᠢᠳ ᠪᠤᠯᠤᠨ ᠤᠯᠤᠰ  ᠲᠦᠷᠦ ᠶᠢᠨ ᠵᠦᠪᠯᠡᠯᠬᠡᠨ ᠤ ᠬᠡᠰᠢᠬᠦᠳ ᠲᠠᠢ ︽ᠨᠢᠬᠡ ᠬᠠᠷᠢᠴᠠᠬᠤ ᠨᠢᠬᠡ︾ ᠬᠤᠯᠪᠤᠭᠠᠯᠠᠬᠤ ᠲᠤᠭᠳᠠᠯᠴᠠᠭ᠎ᠠ ᠶᠢ  ᠪᠠᠶᠢᠭᠤᠯᠵᠦ᠂ ᠲᠤᠭᠳᠠᠭᠰᠠᠨ ᠬᠤᠭᠤᠴᠠᠭ᠎ᠠ ᠲᠠᠢ ᠪᠠᠷ ᠰᠢᠬᠦᠬᠦ ᠬᠤᠷᠢᠶᠠᠨ ᠤ ᠴᠢᠬᠤᠯᠠ ᠠᠵᠢᠯ ᠪᠤᠯᠤᠨ ᠰᠢᠬᠦᠨ  ᠲᠠᠰᠤᠯᠬᠤ ᠴᠢᠳᠠᠮᠵᠢ ᠪᠠᠨ ᠪᠡᠶᠡᠯᠡᠬᠦᠯᠥᠭᠰᠡᠨ ᠪᠠᠶᠢᠳᠠᠯ ᠤᠨ ᠲᠤᠬᠠᠢ ᠬᠠᠷᠢᠭᠤ ᠮᠡᠳᠡᠬᠦᠯᠦᠯᠳᠡ ᠬᠢᠵᠦ᠂ ᠠᠷᠠᠳ ᠤᠨ  ᠬᠠᠪᠰᠤᠷᠤᠨ ᠰᠢᠬᠦᠭᠴᠢ ᠶᠢ ᠲᠠᠬᠢᠨ ᠢᠶᠠᠷ ᠨᠡᠮᠡᠬᠦ ᠲᠦᠯᠥᠪᠯᠡᠭᠡ ᠶᠢ ᠢᠳᠡᠪᠬᠢᠳᠠᠢ ᠬᠡᠷᠡᠭᠵᠢᠬᠦᠯᠵᠦ᠂ ᠠᠷᠠᠳ ᠤᠨ  ᠬᠠᠪᠰᠤᠷᠤᠨ ᠰᠢᠬᠦᠭᠴᠢ ᠶᠢᠨ ᠬᠢᠨᠠᠨ ᠰᠤᠩᠭᠤᠬᠤ ᠪᠤᠯᠪᠠᠰᠤᠷᠠᠯ ᠬᠦᠷᠳᠡᠬᠡᠬᠦ ᠪᠤᠯᠤᠨ ᠬᠠᠮᠢᠶᠠᠷᠤᠯᠳᠠ ᠶᠢᠨ ᠠᠵᠢᠯ ᠢ  ᠬᠢᠨᠠᠮᠠᠭᠠᠢ ᠬᠦᠢᠴᠡᠳᠬᠡᠵᠦ᠂ 10 ᠠᠷᠠᠳ ᠤᠨ ᠬᠠᠪᠰᠤᠷᠤᠨ ᠰᠢᠬᠦᠭᠴᠢ ᠶᠢ ᠰᠤᠩᠭᠤᠵᠦ᠂ ᠨᠡᠶᠢᠳᠡ 22 ᠠᠷᠠᠳ ᠤᠨ  ᠬᠠᠪᠰᠤᠷᠤᠨ ᠰᠢᠬᠦᠭᠴᠢ ᠲᠠᠢ ᠪᠤᠯᠤᠭᠰᠠᠨ ᠠᠴᠠ ᠰᠢᠬᠦᠭᠴᠢ ᠪᠤᠯᠤᠨ ᠠᠷᠠᠳ ᠤᠨ ᠬᠠᠪᠰᠤᠷᠤᠨ ᠰᠢᠬᠦᠭᠴᠢ ᠶᠢᠨ  ᠬᠠᠷᠢᠴᠠᠯ ᠨᠢ 1᠄ 1᠎ ᠳᠤ ᠬᠦᠷᠴᠦ᠂ ᠤᠳᠤ ᠨᠢᠬᠡᠳᠥᠬᠡᠷ ᠰᠢᠬᠦᠯᠳᠡ ᠶᠢᠨ ᠡᠩ ᠤᠨ ᠵᠢᠷᠤᠮ ᠢᠶᠠᠷ ᠬᠠᠪᠰᠤᠷᠤᠨ  ᠰᠢᠬᠦᠭᠴᠢ ᠤᠷᠤᠯᠴᠠᠭᠰᠠᠨ ᠨᠤᠷᠮ᠎ᠠ ᠨᠢ 75.5%᠎ ᠳᠤ ᠬᠦᠷᠥᠭᠰᠡᠨ ᠪᠠᠶᠢᠨ᠎ᠠ᠃        ᠬᠤᠶᠠᠷ᠂ ᠬᠡᠷᠡᠭ ᠪᠤᠯᠭᠠᠨ ᠲᠠᠩᠰᠠᠯᠠᠬᠤ ᠲᠥᠷᠢᠮ ᠤᠨ ᠥᠬᠡᠷᠡᠴᠢᠯᠡᠯᠳᠡ ᠶᠢᠨ ᠠᠵᠢᠯ ᠢ ᠪᠦᠬᠦ ᠲᠠᠯ᠎ᠠ ᠪᠠᠷ  ᠠᠬᠢᠭᠤᠯᠪᠠ᠃ ᠨᠢᠳᠤᠨᠤᠨ ᠤ 5 ᠳ᠋ᠤᠭᠠᠷ ᠰᠠᠷ᠎ᠠ ᠶᠢᠨ 1᠎ ᠤ ᠡᠳᠦᠷ ᠠᠴᠠ ᠡᠬᠢᠯᠡᠵᠦ ᠬᠡᠷᠡᠭ ᠪᠤᠯᠭᠠᠨ ᠲᠠᠩᠰᠠᠯᠠᠬᠤ  ᠲᠥᠷᠢᠮ ᠢ ᠬᠡᠷᠡᠭᠵᠢᠬᠦᠯᠦᠭᠰᠡᠨ ᠠᠴᠠ ᠨᠠᠰᠢ᠂ ︽ᠬᠡᠷᠡᠭ ᠪᠤᠯᠭᠠᠨ ᠲᠠᠩᠰᠠᠯᠠᠬᠤ ᠳᠤ ᠬᠦᠴᠢᠷ︾ ᠠᠰᠠᠭᠤᠳᠠᠯ ᠢ  ᠪᠦᠳᠦᠮᠵᠢᠳᠠᠢ ᠰᠢᠢᠳᠪᠦᠷᠢᠯᠡᠵᠦ᠂ ᠲᠤᠬᠠᠢ ᠶᠢᠨ ᠬᠦᠮᠦᠨ ᠤ ᠵᠠᠭᠠᠯᠳᠤᠯᠭ᠎ᠠ ᠶᠢᠨ ᠡᠷᠬᠡ ᠶᠢ ᠬᠦᠢᠴᠡᠳ ᠪᠠᠳᠤᠯᠠᠵᠦ᠂  ᠵᠠᠭᠠᠯᠳᠤᠯᠭ᠎ᠠ ᠶᠢᠨ ᠮᠠᠲᠧᠷᠢᠶᠠᠯ ᠨᠢ ᠱᠠᠭᠠᠷᠳᠠᠯᠭ᠎ᠠ ᠳᠤ ᠨᠡᠶᠢᠴᠡᠬᠦ ᠦᠬᠡᠢ ᠪᠣᠯ ᠲᠠᠷᠤᠢ ᠳᠤᠨᠢ ᠨᠦᠬᠦᠬᠦ ᠮᠠᠲᠧᠷᠢᠶᠠᠯ  ᠪᠤᠯᠤᠨ ᠴᠠᠭ ᠬᠤᠭᠤᠴᠠᠭ᠎ᠠ ᠶᠢ ᠨᠢ ᠮᠡᠳᠡᠭᠳᠡᠵᠦ᠂ ᠬᠡᠷᠡᠭ ᠪᠤᠯᠭᠠᠨ ᠲᠠᠩᠰᠠᠯᠠᠬᠤ ᠲᠢᠩᠬᠢᠮ ᠳᠤ ᠢᠯᠡᠴᠢᠯᠡᠨ ᠮᠡᠳᠡᠬᠦᠯᠬᠦ  ᠵᠠᠬᠢᠳᠠᠯ ᠤᠨ ᠬᠠᠶᠢᠷᠴᠠᠭ ᠪᠤᠯᠤᠨ ᠤᠳᠠᠰᠦ ᠬᠠᠨᠭ᠍ᠭᠠᠨ᠂ ᠤᠯᠠᠨ ᠲᠦᠮᠡᠨ ᠤ ᠬᠡᠷᠡᠭ ᠲᠠᠩᠰᠠᠯᠠᠬᠤ ᠠᠵᠢᠯ ᠤᠨ ᠲᠤᠬᠠᠢ  ᠬᠢᠨᠠᠯᠳᠠ ᠪᠤᠯᠤᠨ ᠰᠠᠨᠠᠯ ᠰᠢᠬᠦᠮᠵᠢ ᠶᠢ ᠬᠦᠯᠢᠶᠡᠪᠡ᠃ ᠬᠡᠷᠡᠭ ᠪᠤᠯᠭᠠᠨ ᠲᠠᠩᠰᠠᠯᠠᠬᠤ ᠲᠥᠷᠢᠮ ᠢ ᠡᠬᠢᠯᠡᠵᠦ  ᠬᠡᠷᠡᠭᠵᠢᠬᠦᠯᠦᠭᠰᠡᠨ ᠠᠴᠠ ᠬᠠᠭᠠᠰ ᠵᠢᠯ ᠤᠨ ᠬᠤᠭᠤᠴᠠᠭᠠᠨ ᠳᠤ ᠲᠤᠰ ᠰᠢᠬᠦᠬᠦ ᠬᠤᠷᠢᠶ᠎ᠠ ᠨᠢ ᠨᠡᠶᠢᠳᠡ 525 ᠬᠡᠷᠡᠭ ᠢ  ᠲᠠᠩᠰᠠᠯᠠᠵᠦ᠂ ᠬᠡᠷᠡᠭ ᠢ ᠲᠠᠷᠤᠢ ᠳᠤᠨᠢ ᠲᠠᠩᠰᠠᠯᠠᠭᠰᠠᠨ ᠨᠤᠷᠮ᠎ᠠ 99.62 %᠎ ᠲᠤ ᠬᠦᠷᠴᠦ᠂ ᠬᠡᠷᠡᠭ ᠪᠤᠯᠭᠠᠨ  ᠲᠠᠩᠰᠠᠯᠠᠬᠤ ᠥᠬᠡᠷᠡᠴᠢᠯᠡᠯᠳᠡ ᠶᠢ ᠬᠦᠨᠵᠡᠬᠡᠢ ᠲᠤᠤᠱᠯᠠᠭᠤᠯᠵᠦ᠂ ᠬᠡᠷᠡᠭ ᠪᠤᠯᠭᠠᠨ ᠲᠠᠩᠰᠠᠯᠠᠬᠤ ᠠᠵᠢᠯ ᠤᠨ ᠶᠠᠰᠤ  ᠴᠢᠨᠠᠷ ᠪᠠ ᠦᠷ᠎ᠡ ᠪᠦᠳᠦᠮᠵᠢ ᠶᠢ ᠳᠡᠭᠡᠭᠰᠢᠯᠡᠬᠦᠯᠵᠠᠢ᠃        ᠭᠤᠷᠪᠠ᠂ ᠬᠠᠤᠯᠢ ᠴᠠᠭᠠᠵᠠ ᠶᠢᠨ ᠢᠯᠡ ᠪᠠᠶᠢᠯᠭᠠᠬᠤ ᠶᠢ ᠠᠬᠢᠭᠤᠯᠪᠠ᠃ ᠰᠢᠯᠤᠭᠤᠨ ᠬᠦᠪᠡᠬᠡᠳᠦ ᠴᠠᠭᠠᠨ  ᠬᠤᠰᠢᠭᠤᠨ ᠤ ᠠᠷᠠᠳ ᠤᠨ ᠰᠢᠬᠦᠬᠦ ᠬᠤᠷᠢᠶ᠎ᠠ ᠨᠢ ᠰᠢᠬᠦᠨ ᠲᠠᠰᠤᠯᠬᠤ ᠠᠯᠬᠤᠮ ᠲᠠᠷᠠᠭ᠎ᠠ᠂ ᠰᠢᠬᠦᠨ  ᠲᠠᠰᠤᠯᠤᠯᠳᠠ ᠶᠢᠨ ᠪᠢᠴᠢᠭ ᠮᠠᠲᠧᠷᠢᠶᠠᠯ᠂ ᠰᠤᠷᠠᠭ ᠵᠠᠩᠬᠢ ᠶᠢ ᠢᠯᠡ ᠪᠠᠶᠢᠯᠭᠠᠬᠤ ᠭᠤᠷᠪᠠᠨ ᠲᠠᠪᠴᠠᠩ ᠢ ᠨᠡᠬᠡᠬᠡᠵᠦ᠂  ᠤᠯᠠᠨ ᠲᠦᠮᠡᠨ ᠳᠤ ᠨᠡᠬᠡᠬᠡᠯᠳᠡ ᠬᠢᠬᠦ ᠡᠳᠥᠷ ᠤᠨ ᠠᠵᠢᠯᠯᠠᠭ᠎ᠠ ᠪᠠᠷ ᠲᠠᠮᠵᠢᠭᠤᠯᠵᠦ᠂ ᠤᠯᠠᠨ ᠲᠦᠮᠡᠨ ᠠᠴᠠ  ᠲᠦᠯᠥᠬᠡᠯᠡᠭᠴᠢ ᠤᠷᠢᠨ ᠵᠠᠯᠠᠵᠦ ᠬᠡᠷᠡᠭ ᠤᠨ ᠰᠢᠬᠦᠯᠳᠡ ᠶᠢ ᠰᠤᠨᠤᠰᠤᠭᠤᠯᠪᠠ᠃ ᠡᠬᠦᠨ ᠤ ᠬᠠᠮᠳᠤ ᠬᠠᠤᠯᠢ  ᠴᠠᠭᠠᠵᠠ ᠶᠢᠨ ᠤᠬᠠᠭᠤᠯᠭ᠎ᠠ ᠶᠢᠨ ᠠᠵᠢᠯᠯᠠᠭ᠎ᠠ ᠶᠢ ᠢᠳᠡᠪᠬᠢᠴᠢᠯᠠᠨ ᠦᠷᠨᠢᠬᠦᠯᠵᠦ᠂ ᠢᠳᠤᠨᠤᠨ ᠵᠢᠯ ᠳᠤ᠂ ᠲᠤᠰ  ᠬᠤᠷᠢᠶ᠎ᠠ ᠨᠢ ᠲᠤᠮᠳᠠᠳᠦ ᠤᠯᠤᠰ ᠤᠨ ᠰᠢᠬᠦᠬᠦ ᠬᠤᠷᠢᠶᠠᠨ ᠤ ᠰᠦᠯᠵᠢᠶᠡᠨ ᠳᠤ 236 ᠬᠤᠪᠢ ᠰᠢᠬᠦᠨ  ᠲᠠᠰᠤᠯᠤᠯᠳᠠ ᠶᠢᠨ ᠵᠠᠳᠠᠯᠤᠯᠳᠠ ᠶᠢ ᠨᠡᠶᠢᠳᠡᠯᠡᠵᠦ᠂ ᠺᠠᠳ᠋ᠷ ᠴᠠᠭᠳᠠᠭ᠎ᠠ ᠨᠠᠷ ᠦᠪᠡᠷᠳᠡᠬᠡᠨ ᠤᠬᠠᠭᠤᠯᠬᠤ ᠵᠢᠷᠤᠭ  ᠲᠦᠰᠥᠪᠯᠡᠨ ᠦᠢᠯᠡᠳᠴᠦ᠂ ᠡᠯ᠎ᠡ ᠱᠠᠳᠤᠨ ᠤ ᠵᠠᠭᠤᠴᠢᠯᠠᠭᠤᠷ ᠲᠡᠬᠡᠷ᠎ᠡ 66 ᠬᠤᠪᠢ ᠬᠠᠤᠯᠢ ᠴᠠᠭᠠᠵᠠ ᠶᠢᠨ  ᠤᠬᠠᠭᠤᠯᠭ᠎ᠠ ᠶᠢᠨ ᠮᠡᠳᠡᠭᠡ ᠶᠢ ᠨᠡᠶᠢᠳᠡᠯᠡᠵᠠᠢ᠃        ᠲᠦᠷᠪᠡ᠂ ᠠᠷᠠᠳ ᠲᠤ ᠨᠡᠩ ᠲᠦᠬᠦᠮ ᠲᠦᠳᠡ ᠦᠢᠯᠡᠴᠢᠯᠡᠭᠡ ᠬᠠᠨᠭ᠍ᠭᠠᠬᠤ ᠪᠤᠯᠪᠠ᠃ ᠲᠤᠰ ᠰᠢᠬᠦᠬᠦ  ᠬᠤᠷᠢᠶ᠎ᠠ ᠨᠢ ᠵᠠᠷᠭᠤ ᠳᠤ ᠦᠢᠯᠡᠴᠢᠯᠡᠬᠦ ᠲᠦᠪ ᠤᠨ ᠪᠠᠶᠢᠭᠤᠯᠤᠯᠳᠠ ᠶᠢ ᠴᠢᠩᠭᠠᠳᠬᠠᠨ᠂ ᠰᠦᠯᠵᠢᠶ᠎ᠡ᠂ ᠪᠢᠴᠢᠯ ᠪᠦᠷᠬᠡ  ᠂ ᠸᠢᠴᠠᠲ ᠵᠡᠷᠬᠡ ᠬᠤᠯᠪᠤᠭᠠᠨ ᠤ ᠲᠡᠪᠴᠡᠩ ᠢ ᠠᠰᠢᠭᠯᠠᠨ᠂ ᠰᠦᠯᠵᠢᠶ᠎ᠡ ᠨᠡᠪᠳᠡᠷᠡᠬᠦᠯᠵᠦ᠂ ᠵᠠᠷᠭᠤ ᠶᠢᠨ  ᠦᠢᠯᠡᠴᠢᠯᠡᠭᠡ ᠶᠢᠨ QQ ᠨᠤᠮᠧᠷ᠂ ᠬᠡᠷᠡᠭ ᠢ ᠲᠠᠩᠰᠠᠯᠠᠬᠤ ᠦᠢᠯᠡᠴᠢᠯᠡᠬᠦ ᠤᠳᠠᠰᠦ ᠶᠢ ᠲᠤᠬᠢᠷᠠᠭᠤᠯᠵᠦ᠂ ᠰᠦᠯᠵᠢᠶᠠᠨ  ᠲᠡᠬᠡᠷᠡᠬᠢ ᠵᠠᠭᠠᠯᠳᠤᠯᠭ᠎ᠠ ᠶᠢᠨ ᠦᠢᠯᠡᠴᠢᠯᠡᠭᠡ ᠶᠢᠨ ᠴᠢᠳᠠᠮᠵᠢ ᠪᠠᠨ ᠥᠷᠬᠡᠳᠬᠡᠨ᠂ ᠰᠦᠯᠵᠢᠶᠡᠨ ᠲᠡᠬᠡᠷᠡᠬᠢ ᠬᠡᠷᠡᠭ ᠢ  ᠰᠢᠢᠳᠪᠤᠷᠢᠯᠡᠬᠦ ᠠᠵᠢᠯ ᠤᠨ ᠠᠬᠢᠴᠠ ᠶᠢ ᠲᠦᠷᠬᠡᠳᠬᠡᠪᠡ᠃ ᠲᠤᠭᠤᠷᠢᠨ ᠰᠢᠬᠦᠬᠦ ᠠᠵᠢᠯ ᠢ ᠢᠳᠡᠪᠬᠢᠳᠡᠢ ᠦᠷᠨᠢᠬᠦᠯᠵᠦ᠂ 5 ᠲᠤᠭᠤᠷᠢᠨ ᠰᠢᠬᠦᠬᠦ‍ ᠴᠢᠭ ᠪᠠᠶᠢᠭᠤᠯᠵᠦ᠂ 10 ᠲᠤᠭᠤᠷᠢᠨ ᠰᠢᠬᠦᠬᠦ ᠬᠠᠷᠢᠯᠴᠠᠬᠤ ᠬᠦᠮᠥᠨ ᠢ ᠬᠠᠪᠰᠤᠷᠤᠨ  ᠰᠢᠬᠦᠭᠴᠢ ᠪᠠᠷ ᠲᠤᠮᠢᠯᠠᠵᠦ᠂ ᠦᠨᠳᠥᠰᠥᠨ ᠱᠠᠳᠤᠨ ᠳᠤ ᠬᠦᠨᠵᠡᠬᠡᠶᠢᠷᠡᠨ ᠦᠢᠯᠡᠴᠢᠯᠡᠵᠦ᠂ ᠬᠠᠤᠯᠢ ᠶᠢ ᠬᠦᠳᠡᠭᠡ ᠳᠤ  ᠬᠦᠷᠬᠡᠬᠦ᠂ ᠪᠤᠯᠵᠤᠨ ᠵᠠᠷᠭᠤ ᠰᠢᠢᠳᠪᠤᠷᠢᠯᠡᠬᠦ ᠪᠠ ᠲᠤᠷᠤᠢ ᠪᠠᠭᠤᠷᠠᠶᠢᠴᠤᠤᠯ ᠳᠤ ᠬᠠᠤᠯᠢ ᠴᠠᠭᠠᠵᠠ ᠶᠢᠨ ᠲᠤᠰᠠᠯᠠᠮᠵᠢ  ᠦᠵᠡᠬᠦᠯᠬᠦ᠂ ᠡᠶᠡᠳᠡᠬᠦᠯᠬᠦ ᠠᠵᠢᠯ ᠢ ᠢᠳᠡᠪᠬᠢᠴᠢᠯᠠᠨ ᠦᠷᠨᠢᠬᠦᠯᠪᠡ᠃ ᠡᠬᠦᠨ ᠤ ᠬᠠᠮᠳᠤ ᠬᠠᠤᠯᠢ ᠶᠤᠰᠤᠭᠠᠷ 11.2  ᠲᠦᠮᠡᠨ ᠲᠦᠬᠦᠷᠢᠭ ᠤᠨ ᠵᠠᠷᠭᠤ ᠶᠢᠨ ᠰᠦᠢᠳᠬᠡᠯ ᠢ ᠠᠯᠭᠤᠷᠯᠠᠬᠤ ᠪᠠ ᠬᠠᠰᠤᠵᠦ ᠬᠡᠯᠳᠦᠷᠢᠬᠦᠯᠦᠨ᠂ ᠠᠷᠠᠳ ᠲᠤ  ᠦᠨᠡᠨᠬᠦ ᠠᠰᠢᠭ ᠬᠦᠷᠳᠡᠬᠡᠪᠡ᠃     ᠲᠠᠪᠤ᠂ ᠬᠠᠤᠯᠢ ᠴᠠᠭᠠᠵᠠ ᠶᠢᠨ ᠴᠢᠳᠠᠮᠵᠢ ᠶᠢ ᠥᠷᠬᠡᠳᠬᠡᠪᠡ᠃ ᠬᠠᠤᠯᠢ ᠪᠠᠷ ᠵᠠᠰᠠᠬᠤ ᠶᠢᠨ ᠤᠬᠠᠭᠤᠯᠭ᠎ᠠ ᠶᠢᠨ  ᠠᠵᠢᠯᠯᠠᠭ᠎ᠠ ᠶᠢ ᠪᠦᠬᠦ ᠲᠠᠯ᠎ᠠ ᠪᠠᠷ ᠶᠠᠪᠤᠭᠳᠠᠭᠤᠯᠵᠦ᠂ ᠠᠵᠢᠯ ᠤᠨ ᠲᠦᠯᠥᠪᠯᠡᠭᠡ ᠪᠤᠯᠤᠨ ᠡᠬᠦᠷᠬᠡ ᠶᠢ ᠨᠠᠷᠢᠨ  ᠬᠤᠪᠢᠶᠠᠷᠢᠯᠠᠨ ᠲᠤᠭᠳᠠᠭᠠᠵᠦ᠂ ᠠᠵᠢᠯ ᠦᠢᠯᠡᠰ ᠤᠨ ᠨᠢᠬᠡᠴᠡ᠂ ᠨᠡᠶᠢᠬᠡᠮ ᠲᠤᠭᠤᠷᠢᠭ᠂ ᠰᠤᠷᠭᠠᠭᠤᠯᠢ᠂ ᠬᠦᠳᠡᠭᠡ  ᠲᠤᠰᠬᠤᠨ ᠢᠶᠠᠷ ᠬᠦᠨᠵᠡᠬᠡᠶᠢᠷᠡᠵᠦ᠂ ᠬᠠᠤᠯᠢ ᠴᠠᠭᠠᠵᠠ ᠶᠢᠨ ᠤᠬᠠᠭᠤᠯᠭ᠎ᠠ ᠶᠢ ᠦᠷᠨᠢᠬᠦᠯᠵᠦ ᠂ ᠰᠢᠬᠦᠬᠦ ᠶᠠᠪᠤᠴᠠ ᠳᠠᠬᠢ  ᠲᠤᠪᠤᠶᠢᠮ᠎ᠠ ᠠᠰᠠᠭᠤᠳᠠᠯ ᠳᠤ ᠵᠠᠳᠠᠯᠤᠯᠳᠠ ᠬᠢᠵᠦ᠂ ᠬᠠᠮᠢᠶ᠎ᠠ ᠪᠦᠬᠦᠢ ᠪᠠᠶᠢᠭᠤᠯᠭ᠎ᠠ ᠳᠤ ᠬᠠᠤᠯᠢ ᠴᠠᠭᠠᠵᠠ ᠶᠢᠨ ᠰᠠᠨᠠᠯ  ᠵᠦᠪᠯᠡᠯᠬᠡ ᠥᠭᠴᠦ᠂ ᠬᠠᠮᠢᠶᠠᠷᠤᠯᠳᠠ ᠶᠢᠨ ᠲᠠᠯ᠎ᠠ ᠶᠢᠨ ᠲᠤᠳᠠᠭᠳᠠᠯ ᠢ ᠪᠦᠳᠥᠮᠵᠢᠳᠠᠢ ᠤᠷᠢᠳᠴᠢᠯᠠᠨ ᠰᠡᠷᠬᠡᠶᠢᠯᠡᠭᠰᠡᠨ  ᠪᠠᠶᠢᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号