ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ ᠬᠠᠤᠯᠢ ᠶᠢᠨ ᠲᠤᠬᠠᠢ
ᠨᠡᠶᠢᠲᠡᠯᠡᠭᠰᠡᠨ ᠴᠠᠭ᠄
2016/7/16
   ᠪᠠᠶᠢᠭᠤᠯᠭ᠎ᠠ ᠶᠢᠨ ᠡᠮᠬᠢ ᠲᠢᠭᠯᠢᠮ᠂ ᠤᠯᠠᠨ ᠨᠡᠶᠢᠳᠡ ᠶᠢᠨ ᠲᠠᠯᠠᠪᠤᠷ ᠤᠨ ᠡᠮᠬᠢ ᠲᠢᠭᠯᠢᠮ᠂ ᠤᠯᠠᠨ ᠨᠡᠶᠢᠳᠡ ᠶᠢᠨ  ᠵᠠᠮ ᠬᠠᠷᠢᠯᠴᠠᠭᠠᠨ ᠤ ᠪᠠᠭᠠᠵᠢ ᠶᠢᠨ ᠡᠮᠬᠢ ᠲᠢᠭᠯᠢᠮ᠂ ᠵᠠᠮ ᠬᠠᠷᠢᠯᠴᠠᠭᠠᠨ ᠤ ᠨᠡᠪᠳᠡᠷᠡᠯᠴᠡᠬᠡᠨ ᠤ ᠡᠮᠬᠢ ᠲᠢᠭᠯᠢᠮ ᠢ  ᠪᠤᠶᠤ ᠰᠤᠩᠭᠤᠭᠤᠯᠢ ᠶᠢᠨ ᠡᠮᠬᠢ ᠲᠢᠭᠯᠢᠮ ᠢ ᠡᠪᠳᠡᠭᠰᠡᠨ ᠠᠵᠢᠯᠯᠠᠭ᠎ᠠ ᠶᠢ ᠶᠠᠭᠠᠬᠢᠵᠤ ᠰᠢᠳᠬᠡᠬᠦ ᠪᠤᠢ︖        ︽ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ ᠰᠢᠳᠬᠡᠬᠦ ᠬᠠᠤᠯᠢ︾᠎ ᠶᠢᠨ 23 ᠳ᠋ᠤᠭᠠᠷ ᠵᠤᠷᠪᠤᠰ ᠤᠨ  ᠲᠤᠭᠳᠠᠭᠠᠯ ᠢᠶᠠᠷ᠂ ᠲᠤᠤᠷ᠎ᠠ ᠵᠢᠭᠰᠠᠭᠠᠭᠰᠠᠨ ᠪᠠᠶᠢᠳᠠᠯ ᠤᠨ ᠨᠢᠬᠡ ᠨᠢ ᠪᠠᠶᠢᠪᠠᠯ ᠰᠡᠷᠡᠮᠵᠢᠯᠡᠬᠦᠯᠬᠦ ᠪᠤᠶᠤ 200  ᠲᠦᠬᠦᠷᠢᠭ ᠠᠴᠠ ᠲᠤᠷᠤᠭᠰᠢᠬᠢ ᠵᠤᠭᠤᠰ ᠢᠶᠠᠷ ᠲᠤᠷᠭᠠᠨ᠎ᠠ︔ ᠪᠠᠶᠢᠳᠠᠯ ᠨᠢ ᠬᠦᠨᠳᠦ ᠨᠤᠴᠢᠳᠠᠢ ᠪᠠᠶᠢᠪᠠᠯ᠂ 5  ᠡᠳᠦᠷ ᠠᠴᠠ ᠲᠡᠬᠡᠭᠰᠢ 10 ᠡᠳᠦᠷ ᠠᠴᠠ ᠲᠤᠷᠤᠭᠰᠢ ᠲᠦᠷ ᠬᠤᠷᠢᠬᠤ ᠶᠢᠨ ᠬᠠᠮᠳᠤ 500 ᠲᠦᠬᠦᠷᠢᠭ ᠠᠴᠠ  ᠲᠤᠷᠤᠭᠰᠢ ᠲᠤᠷᠭᠠᠵᠤ ᠪᠤᠯᠤᠨ᠎ᠠ᠄        ︵1︶ ᠪᠠᠶᠢᠭᠤᠯᠭ᠎ᠠ᠂ ᠪᠦᠯᠬᠦᠮ ᠨᠢᠬᠡᠴᠡ᠂ ᠠᠵᠤ ᠠᠬᠤᠢᠢᠯᠠᠯ᠂ ᠠᠵᠢᠯ ᠦᠢᠯᠡᠰ ᠤᠨ ᠨᠢᠬᠡᠴᠡ ᠶᠢᠨ ᠡᠮᠬᠢ  ᠲᠢᠭᠯᠢᠮ ᠢ ᠰᠠᠮᠠᠭᠤᠷᠠᠭᠤᠯᠵᠤ᠂ ᠠᠵᠢᠯ ᠦᠢᠯᠡᠳᠪᠦᠷᠢᠯᠡᠯ᠂ ᠡᠵᠡᠩᠨᠡᠯᠳᠡ᠂ ᠡᠮᠴᠢᠯᠡᠭᠡ᠂ ᠵᠢᠭᠠᠨ ᠰᠤᠷᠭᠠᠯᠳᠠ᠂  ᠰᠢᠨᠵᠢᠯᠡᠭᠡ ᠰᠤᠳᠤᠯᠤᠯ ᠢ ᠬᠡᠪ ᠤᠨ ᠶᠤᠰᠤᠭᠠᠷ ᠶᠠᠪᠤᠭᠳᠠᠵᠤ ᠴᠢᠳᠠᠬᠤ ᠦᠬᠡᠢ ᠪᠤᠯᠭᠠᠭᠰᠠᠨ ᠪᠤᠯᠪᠠᠴᠤ ᠬᠦᠨᠳᠦ  ᠨᠤᠴᠢᠳᠠᠢ ᠬᠤᠬᠢᠷᠠᠯ ᠤᠴᠠᠷᠠᠭᠤᠯᠤᠭᠰᠠᠨ ᠦᠬᠡᠢ︔        ︵2︶ ᠲᠡᠷᠭᠡᠨ ᠦᠷᠳᠡᠭᠡ᠂ ᠭᠠᠷᠠᠮ᠂ ᠤᠡᠭᠭᠤᠴᠠᠨ ᠪᠠᠭᠤᠳᠠᠯ᠂ ᠨᠢᠰᠬᠡᠯ ᠤᠨ ᠪᠠᠭᠤᠳᠠᠯ᠂ ᠲᠡᠯᠬᠡᠬᠦᠷ  ᠬᠤᠳᠠᠯᠳᠤᠭ᠎ᠠ᠂ ᠴᠡᠴᠡᠷᠯᠢᠭ᠂ ᠦᠵᠡᠰᠬᠦᠯᠡᠩ ᠤᠨ ᠤᠷᠳᠤᠨ ᠪᠤᠶᠤ ᠪᠤᠰᠤᠳ ᠤᠯᠠᠨ ᠨᠡᠶᠢᠳᠡ ᠶᠢᠨ ᠲᠠᠯᠠᠪᠤᠷ ᠤᠨ  ᠡᠮᠬᠢ ᠲᠢᠭᠯᠢᠮ ᠢ ᠰᠠᠮᠠᠭᠤᠷᠠᠭᠤᠯᠤᠭᠰᠠᠨ︔        ︵3︶ ᠨᠡᠶᠢᠳᠡ ᠶᠢᠨ ᠮᠠᠰᠢᠨ ᠲᠡᠷᠬᠡ᠂ ᠴᠠᠬᠢᠯᠭᠠᠨ ᠲᠡᠷᠬᠡ᠂ ᠭᠠᠯᠳᠤ ᠲᠡᠷᠬᠡ᠂ ᠤᠡᠭᠭᠤᠴᠠ ᠰᠡᠯ᠂ ᠨᠢᠰᠬᠡᠯ  ᠪᠤᠶᠤ ᠤᠯᠠᠨ ᠨᠡᠶᠢᠳᠡ ᠶᠢᠨ ᠵᠠᠮ ᠬᠠᠷᠢᠯᠴᠠᠭᠠᠨ ᠤ ᠪᠠᠭᠠᠵᠢ ᠲᠡᠬᠡᠷᠡᠬᠢ ᠡᠮᠬᠢ ᠲᠢᠭᠯᠢᠮ ᠢ ᠡᠪᠳᠡᠭᠰᠡᠨ︔        ︵4︶ ᠮᠠᠰᠢᠨ ᠲᠡᠷᠬᠡ᠂ ᠤᠡᠭᠭᠤᠴᠠ ᠰᠡᠯ᠂ ᠨᠢᠰᠬᠡᠯ ᠵᠢᠴᠢ ᠪᠤᠰᠤᠳ ᠵᠠᠮ ᠬᠠᠷᠢᠯᠴᠠᠭᠠᠨ ᠤ ᠪᠠᠭᠠᠵᠢ ᠶᠢ  ᠬᠠᠤᠯᠢ ᠪᠤᠰᠤ ᠪᠠᠷ ᠬᠤᠷᠢᠭᠯᠠᠨ ᠵᠤᠭᠰᠤᠭᠠᠬᠤ ᠪᠤᠶᠤ ᠬᠦᠴᠦᠷᠬᠡᠨ ᠭᠠᠷᠴᠤ᠂ ᠬᠦᠴᠦᠷᠬᠡᠨ ᠰᠠᠭᠤᠵᠤ ᠬᠡᠪ ᠤᠨ  ᠠᠶᠠᠯᠠᠯ ᠢ ᠨᠢ ᠨᠦᠯᠦᠬᠡᠯᠡᠭᠰᠡᠨ︔        ︵5︶ ᠬᠠᠤᠯᠢ ᠶᠤᠰᠤᠭᠠᠷ ᠶᠠᠪᠤᠭᠤᠯᠵᠤ ᠪᠦᠬᠦᠢ ᠰᠤᠩᠭᠤᠭᠤᠯᠢ ᠶᠢᠨ ᠡᠮᠬᠢ ᠲᠢᠭᠯᠢᠮ ᠢ ᠡᠪᠳᠡᠭᠰᠡᠨ᠃    ᠤᠯᠠᠨ ᠢ ᠴᠤᠭᠯᠠᠭᠤᠯᠤᠨ ᠲᠡᠬᠡᠷ᠎ᠡ ᠦᠬᠦᠯᠡᠭᠰᠡᠨ ᠠᠵᠢᠯᠯᠠᠭ᠎ᠠ ᠬᠢᠭᠰᠡᠨ ᠪᠠᠶᠢᠪᠠᠯ ᠲᠦᠷᠦᠬᠦᠦ ᠶᠢ ᠨᠢ 10  ᠡᠳᠦᠷ ᠠᠴᠠ ᠲᠡᠬᠡᠭᠰᠢ 15 ᠡᠳᠦᠷ ᠠᠴᠠ ᠲᠤᠷᠤᠭᠰᠢ ᠲᠦᠷ ᠬᠤᠷᠢᠬᠤ ᠶᠢᠨ ᠬᠠᠮᠳᠦ 1000 ᠲᠦᠬᠦᠷᠢᠭ ᠠᠴᠠ  ᠲᠤᠷᠤᠭᠰᠢ ᠵᠤᠭᠤᠰ ᠢᠶᠠᠷ ᠲᠤᠷᠭᠠᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号