— ᠰᠦᠨᠢᠳ ᠪᠠᠷᠠᠭᠤᠨ ᠬᠤᠰᠢᠭᠤ᠂ ᠬᠦᠪᠡᠭᠡᠳᠦ ᠰᠢᠷ᠎ᠠ ᠬᠤᠰᠢᠭᠤᠨ ᠳᠤ ᠨᠢᠭᠡ ᠤᠳᠠᠭ᠎ᠠ ᠨᠠᠶᠢᠲᠠᠮ ᠪᠤᠷᠤᠭᠠᠨ | ᠤᠷᠤᠭᠰᠠᠨ ᠲᠤᠬᠠᠢ ᠰᠤᠷᠪᠤᠯᠵᠢᠯᠠᠭ᠎ᠠ ᠰᠤᠷᠪᠤᠯᠵᠢᠯᠠᠭᠴᠢ ᠰᠤᠳᠦᠪᠢᠯᠢᠭ | ᠠᠷᠪᠠᠨ ᠵᠢᠯ ᠠᠴᠠ ᠶᠢᠰᠤᠨ ᠵᠢᠯ ᠨᠢ ᠭᠠᠩᠳᠠᠳᠠᠭ ᠮᠠᠨ ᠤ ᠠᠶᠢᠮᠠᠭ ᠤᠨ ᠪᠠᠷᠠᠭᠤᠨ ᠪᠡᠶ᠎ᠠ ᠶᠢᠨ ᠨᠤᠳᠤᠭ ᠠᠴᠠ | ᠲᠤᠭᠤᠯᠳᠠᠬᠤ ᠰᠡᠳᠬᠢᠯ ᠪᠠᠶᠠᠰᠬᠠᠬᠤ ᠰᠠᠶᠢᠬᠠᠨ ᠰᠤᠨᠤᠰᠬᠤᠯᠠᠩ᠃ 2016 ᠤᠨ ᠤ 6 ᠳ᠋ᠤᠭᠠᠷ ᠰᠠᠷ᠎ᠠ ᠶᠢᠨ 13 ᠪᠠ | 14 ᠤ ᠡᠳᠦᠷ᠂ ᠪᠤᠷᠤᠳᠤᠬᠤᠢ ᠤᠷᠤᠨ ᠤ ᠴᠢᠩᠭ᠎ᠠ ᠰᠤᠯᠢᠭ ᠤᠷᠤᠰᠬᠠᠯᠳᠦ ᠴᠠᠭ ᠠᠭᠠᠷ ᠤᠨ ᠨᠦᠯᠦᠭᠡᠯᠡᠯ ᠢᠶᠠᠷ᠂ | ᠮᠠᠨ ᠤ ᠠᠶᠢᠮᠠᠭ ᠤᠨ ᠪᠠᠷᠠᠭᠤᠨ ᠪᠡᠶ᠎ᠠ ᠪᠠᠷ ᠨᠢᠭᠡ ᠤᠳᠠᠭ᠎ᠠ ᠨᠡᠶᠢᠳᠡᠮ ᠪᠤᠷᠤᠭᠠᠯᠠᠵᠤ᠂ ᠡᠭᠦᠨ ᠳᠤ ᠰᠦᠨᠢᠳ ᠪᠠᠷᠠᠭᠤᠨ | ᠬᠤᠰᠢᠭᠤ᠂ ᠬᠦᠪᠡᠭᠡᠳᠦ ᠰᠢᠷ᠎ᠠ ᠬᠤᠰᠢᠭᠤᠨ ᠤ ᠬᠤᠷ᠎ᠠ ᠲᠤᠨᠤᠳᠠᠰᠤᠨ ᠤ ᠬᠡᠮᠵᠢᠶ᠎ᠠ ᠦᠩᠭᠡᠷᠡᠭᠰᠡᠨ ᠵᠢᠯ ᠤᠳ ᠤᠨ | ᠠᠳᠠᠯᠢ ᠬᠤᠭᠤᠴᠠᠭᠠᠨ ᠤ ᠬᠢ ᠠᠴᠠ ᠪᠠᠨ ᠲᠤᠩ ᠶᠡᠭᠡ ᠪᠤᠯᠬᠤᠷ ᠭᠠᠩ ᠳᠠᠶᠢᠯᠤᠭᠳᠠᠭᠰᠠᠨ ᠪᠦᠭᠡᠳ ᠡᠪᠡᠰᠤ | ᠪᠡᠯᠴᠢᠭᠡᠷ ᠤᠨ ᠤᠷᠭᠤᠯᠳᠠ᠂ ᠪᠡᠯᠴᠢᠭᠡᠷ ᠤᠨ ᠮᠠᠯ ᠠᠵᠤ ᠠᠬᠤᠢ ᠶᠢᠨ ᠬᠡᠪ ᠤᠨ ᠬᠦᠭᠵᠢᠯᠳᠠ ᠳᠤ ᠮᠠᠰᠢ ᠰᠠᠶᠢᠨ ᠠᠵᠠ | ᠲᠤᠬᠢᠶᠠᠯ ᠢ ᠤᠯᠭᠤᠭᠰᠠᠨ ᠪᠠᠶᠢᠪᠠ᠃ | ᠬᠤᠶᠠᠷ ᠬᠤᠰᠢᠭᠤᠨ ᠤ ᠬᠤᠷ᠎ᠠ ᠲᠤᠨᠤᠳᠠᠰᠤᠨ ᠤ ᠪᠠᠶᠢᠳᠠᠯ | ᠰᠦᠨᠢᠳ ᠪᠠᠷᠠᠭᠤᠨ ᠬᠤᠰᠢᠭᠤᠨ ᠤ ᠴᠠᠭ ᠠᠭᠤᠷ ᠤᠨ ᠲᠤᠪᠴᠢᠶᠠᠨ ᠠᠴᠠ ᠤᠢᠢᠯᠠᠭᠠᠭᠰᠠᠨ ᠢᠶᠠᠷ᠂ 6 ᠳ᠋ᠤᠭᠠᠷ | ᠰᠠᠷ᠎ᠠ ᠶᠢᠨ 13 ᠤ ᠡᠳᠦᠷ ᠤᠨ 8 ᠴᠠᠭ ᠠᠴᠠ 14 ᠤ ᠡᠳᠦᠷ ᠤᠨ 14 ᠴᠠᠭ ᠪᠤᠯᠳᠠᠯ᠎ᠠ ᠪᠦᠬᠦ ᠬᠤᠰᠢᠭᠤᠨ ᠤ | ᠬᠡᠪᠴᠢᠶᠠᠨ ᠳᠤ ᠪᠤᠷᠤᠭᠠᠯᠠᠵᠤ᠂ ᠡᠭᠦᠨ ᠳᠤ ᠡᠮᠦᠨ᠎ᠠ ᠭᠡᠰᠡᠭ ᠲᠡᠭᠡᠨ ᠶᠡᠭᠡ ᠤᠷᠤᠵᠤ᠂ ᠬᠤᠶᠢᠳᠦ ᠭᠡᠰᠡᠭ ᠲᠡᠭᠡᠨ | ᠪᠠᠭ᠎ᠠ ᠠᠴᠠ ᠲᠤᠮᠳᠠ ᠵᠡᠷᠬᠡ ᠶᠢᠨ ᠪᠤᠷᠤᠭᠠᠨ ᠤᠷᠤᠪᠠ᠃ ᠡᠭᠦᠨ ᠳᠤ ᠰᠠᠶᠢᠬᠠᠨᠳᠠᠯ ᠠ ᠪᠠᠯᠭᠠᠰᠤ ᠪᠤᠯᠤᠨ ᠵᠢᠷᠦᠬᠡ | ᠪᠠᠯᠭᠠᠰᠤ ᠶᠢᠨ ᠬᠤᠷ᠎ᠠ ᠲᠤᠨᠤᠳᠠᠰᠤᠨ ᠤ ᠬᠡᠮᠵᠢᠶ᠎ᠠ ᠨᠠᠶᠢᠳᠠᠮ ᠳᠡᠭᠡᠨ 30 ᠮᠢᠯᠯᠢᠮᠧᠳ᠋ᠷ ᠢ ᠳᠠᠪᠠᠵᠤ᠂ ᠶᠡᠭᠡ ᠪᠤᠷᠤᠭᠠᠨ ᠤ | ᠲᠡᠰ ᠲᠤ ᠬᠦᠷᠪᠡ᠃ ᠲᠠᠷᠠ ᠲᠤᠮᠳᠠ ᠪᠠᠨ ᠰᠠᠶᠢᠬᠠᠨᠳᠠᠯ᠎ᠠ ᠪᠠᠯᠭᠠᠰᠤᠨ ᠤ ᠬᠤᠷ᠎ᠠ ᠲᠤᠨᠤᠳᠠᠰᠤᠨ ᠤ ᠬᠡᠮᠵᠢᠶ᠎ᠠ | ᠤᠢᠢᠷ᠎ᠠ ᠶᠢᠨ ᠠᠷᠪᠠᠨ ᠵᠢᠯ ᠳᠤ ᠬᠠᠮᠤᠭ ᠶᠡᠭᠡ ᠪᠠᠶᠢᠪᠠ᠃ ᠲᠠᠬᠢᠪᠠᠯ ᠰᠠᠩᠪᠤᠯᠠᠭ ᠰᠤᠮᠤ᠂ ᠡᠷᠢᠶᠡᠨᠨᠠᠭᠤᠷ ᠰᠤᠮᠤᠨ ᠳᠤ | ᠤᠷᠤᠭᠰᠠᠨ ᠪᠤᠷᠤᠭᠠᠨ ᠤ ᠬᠡᠮᠵᠢᠶ᠎ᠠ ᠲᠤᠮᠳᠠ ᠵᠡᠷᠬᠡ ᠳᠤ ᠬᠦᠷᠴᠤ᠂ ᠪᠤᠰᠤᠳ ᠰᠤᠮᠤ ᠪᠠᠯᠭᠠᠰᠤ ᠶᠢᠨ ᠨᠤᠳᠤᠭ ᠢᠶᠠᠷ | ᠪᠠᠭ᠎ᠠ ᠪᠤᠷᠤᠭᠠᠨ ᠤᠷᠤᠵᠠᠢ᠃ | ᠬᠦᠪᠡᠭᠡᠳᠦ ᠰᠢᠷ᠎ᠠ ᠬᠤᠰᠢᠭᠤᠨ ᠤ ᠴᠠᠭ ᠠᠭᠤᠷ ᠤᠨ ᠲᠤᠪᠴᠢᠶᠠᠨ ᠠᠴᠠ ᠤᠢᠢᠯᠠᠭᠠᠭᠰᠠᠨ ᠢᠶᠠᠷ᠂ 6 ᠳ᠋ᠤᠭᠠᠷ | ᠰᠠᠷ᠎ᠠ ᠶᠢᠨ 13 ᠤ ᠡᠳᠦᠷ ᠤᠨ 8 ᠴᠠᠭ ᠠᠴᠠ 14 ᠤ ᠡᠳᠦᠷ ᠤᠨ 20 ᠴᠠᠭ ᠪᠤᠯᠳᠠᠯ᠎ᠠ ᠪᠦᠬᠦ ᠬᠤᠰᠢᠭᠤᠨ ᠤ | ᠬᠡᠪᠴᠢᠶᠠᠨ ᠳᠤ ᠲᠤᠮᠳᠠ ᠠᠴᠠ ᠶᠡᠭᠡ ᠪᠤᠷᠤᠭᠠᠨ ᠤᠷᠤᠵᠤ᠂ ᠭᠡᠰᠡᠭ ᠲᠡᠭᠡᠨ ᠰᠢᠷᠦᠬᠦᠨ ᠱᠠᠬᠢᠨ᠂ ᠬᠢᠯᠪᠡᠭᠡᠨ ᠬᠢᠯᠪᠡᠵᠤ᠂ | ᠮᠦᠨᠳᠤᠷ ᠤᠷᠤᠭᠰᠠᠨ ᠵᠡᠷᠬᠡ ᠴᠢᠩᠭ᠎ᠠ ᠰᠤᠯᠢᠭ ᠤᠷᠤᠰᠬᠠᠯᠳᠦ ᠴᠠᠭ ᠠᠭᠠᠷ ᠤᠨ ᠪᠠᠶᠢᠳᠠᠯ ᠢᠯᠡᠷᠡᠪᠡ᠃ ᠲᠤᠰ | ᠬᠤᠰᠢᠭᠤᠨ ᠤ ᠪᠠᠷᠠᠭᠤᠨ ᠭᠡᠰᠡᠭ ᠤᠨ ᠨᠤᠳᠤᠭ ᠤᠨ ᠬᠤᠷ᠎ᠠ ᠲᠤᠨᠤᠳᠠᠰᠤᠨ ᠤ ᠬᠡᠮᠵᠢᠶ᠎ᠠ 46.7 ᠠᠴᠠ 99.1 | ᠮᠢᠯᠯᠢᠮᠧᠳ᠋ᠷ ᠲᠤ ᠬᠦᠷᠴᠤ᠂ ᠡᠭᠦᠨ ᠳᠤ᠂ ᠪᠤᠭᠳᠠ ᠶᠢᠨ ᠭᠤᠤᠯ ᠰᠤᠮᠤᠨ ᠳᠤ 13 ᠤ ᠡᠳᠦᠷ ᠤᠨ 20 ᠴᠠᠭ ᠠᠴᠠ | 14 ᠤ ᠡᠳᠦᠷ ᠤᠨ 8 ᠴᠠᠭ ᠪᠤᠯᠳᠠᠯ᠎ᠠ ᠪᠤᠷᠤᠭᠠᠯᠠᠵᠤ᠂ ᠬᠤᠷ᠎ᠠ ᠲᠤᠨᠤᠳᠠᠰᠤᠨ ᠤ ᠬᠡᠮᠵᠢᠶ᠎ᠠ 56 ᠮᠢᠯᠯᠢᠮᠧᠳ᠋ᠷ ᠲᠤ | ᠬᠦᠷᠦᠭᠰᠡᠨ ᠪᠤᠯ ᠵᠠᠪᠢᠯᠠᠬᠤ ᠭᠠᠴᠠᠭᠠᠨ ᠤ ᠬᠤᠷ᠎ᠠ ᠲᠤᠨᠤᠳᠠᠰᠤᠨ ᠤ ᠬᠡᠮᠵᠢᠶ᠎ᠠ 61.6 ᠮᠢᠯᠯᠢᠮᠧᠳ᠋ᠷ ᠲᠤ ᠬᠦᠷᠴᠠᠢ᠃ | ᠪᠤᠷᠤᠳᠠᠪᠤᠰᠤ ᠭᠠᠴᠠᠭᠠᠨ ᠤ ᠬᠤᠷ᠎ᠠ ᠲᠤᠨᠤᠳᠠᠰᠤᠨ ᠤ ᠬᠡᠮᠵᠢᠶ᠎ᠠ 13 ᠤ ᠡᠳᠦᠷ ᠤᠨ 12 ᠴᠠᠭ ᠠᠴᠠ 14 ᠴᠠᠭ | ᠪᠤᠯᠳᠠᠯ᠎ᠠ ᠬᠤᠶᠠᠷᠬᠠᠨ ᠴᠠᠭ ᠤᠨ ᠬᠤᠭᠤᠷᠤᠨᠳᠤ 32 ᠮᠢᠯᠯᠢᠮᠧᠳ᠋ᠷ ᠲᠤ ᠬᠦᠷᠴᠤ᠂ 13 ᠤ ᠡᠳᠦᠷ ᠤᠨ 20 | ᠴᠠᠭ ᠠᠴᠠ 14 ᠤ ᠡᠳᠦᠷ ᠤᠨ 8 ᠴᠠᠭ ᠪᠤᠯᠳᠠᠯ᠎ᠠ ᠤᠷᠤᠭᠰᠠᠨ ᠬᠤᠷ᠎ᠠ ᠲᠤᠨᠤᠳᠠᠰᠤᠨ ᠤ ᠬᠡᠮᠵᠢᠶ᠎ᠠ ᠨᠢ 54.7 | ᠮᠢᠯᠯᠢᠮᠧᠳ᠋ᠷ ᠲᠤ ᠬᠦᠷᠦᠭᠰᠡᠨ ᠪᠠᠶᠢᠪᠠ᠃ | ᠮᠠᠯᠴᠢᠳ ᠪᠠᠶᠠᠷᠯᠠᠯᠳᠤᠵᠤ ᠮᠠᠯ ᠤᠨ ᠵᠤ ᠲᠠᠨᠢᠢᠯᠠ | ᠵᠤᠨ ᠤ ᠵᠢᠷᠭᠤᠭᠠᠨ ᠰᠠᠷ᠎ᠠ ᠳᠤ ᠢᠩᠬᠢᠵᠤ ᠨᠠᠶᠢᠳᠠᠮ ᠤᠨ ᠴᠢᠨᠠᠷᠳᠠᠢ ᠤᠷᠤᠭᠰᠠᠨ ᠪᠤᠷᠤᠭᠠᠨ ᠢ ᠤᠢᠢᠷ᠎ᠠ ᠶᠢᠨ | ᠠᠷᠪᠠᠨ ᠵᠢᠯ ᠳᠤ ᠤᠯᠵᠤ ᠬᠠᠷᠠᠭ᠎ᠠ ᠦᠭᠡᠢ ᠪᠤᠯᠬᠤᠷ ᠡᠨᠡ ᠪᠤᠯ ᠶᠤᠰᠤᠳᠠᠢ ᠴᠠᠭ ᠲᠠᠭᠠᠨ ᠲᠤᠬᠢᠷᠠᠭᠰᠠᠨ ︽ | ᠲᠡᠭᠷᠢ ᠶᠢᠨ ᠲᠦᠷᠦᠯ ᠵᠦᠢᠯ︾ ᠬᠡᠮᠡᠨ ᠬᠤᠶᠠᠷ ᠬᠤᠰᠢᠭᠤᠨ ᠤ ᠮᠠᠯᠴᠢᠳ ᠪᠠᠶᠠᠷᠯᠠᠯᠳᠤᠨ ᠶᠠᠷᠢᠵᠠᠭᠠᠵᠤ ᠪᠠᠶᠢᠪᠠ᠃ | ᠬᠦᠪᠡᠭᠡᠳᠦ ᠰᠢᠷ᠎ᠠ ᠬᠤᠰᠢᠭᠤᠨ ᠤ ᠪᠤᠭᠳᠠ ᠶᠢᠨ ᠭᠤᠤᠯ ᠰᠤᠮᠤ ᠶᠢᠨ ᠬᠤᠨᠢᠴᠢᠨ ᠬᠠᠰᠢᠶᠠᠳᠦ ᠭᠠᠴᠠᠭᠠᠨ ᠳᠤ ᠪᠠᠶᠢᠳᠠᠭ | ᠦᠩᠭᠡᠷᠡᠭᠰᠡᠨ ᠳᠤ ᠵᠢᠭᠠᠰᠤ ᠵᠢᠷᠠᠭᠠᠬᠠᠢ ᠲᠦᠯᠵᠢᠬᠦᠯᠳᠡᠭ ᠤᠯᠠᠭᠠᠨᠨᠠᠭᠤᠷ ᠰᠢᠷᠬᠢᠭᠡᠳ ᠬᠤᠷᠢ ᠰᠢᠬᠠᠮ ᠵᠢᠯ ᠪᠤᠯᠤᠭᠰᠠᠨ | ᠴᠤ ᠡᠨᠡ ᠤᠳᠠᠭᠠᠨ ᠤ ᠪᠤᠷᠤᠭᠠᠨ ᠢᠶᠠᠷ ᠬᠠᠷᠢᠨ ᠬᠡᠪᠡᠯᠢ ᠨᠢ ᠲᠦᠭᠦᠷᠦᠭᠰᠡᠨ ᠪᠦᠭᠡᠳ ᠲᠤᠰ ᠭᠠᠴᠠᠭᠠᠨ ᠤ ᠪᠠᠷᠠᠭᠤᠨ | ᠭᠡᠰᠡᠭ ᠤᠨ ᠨᠤᠳᠤᠭ ᠤᠨ ᠬᠤᠩᠬᠤᠷ ᠪᠤᠯᠭᠠᠨ ᠪᠠᠷᠤᠭ ᠨᠠᠭᠤᠷᠯᠠᠵᠠᠢ ᠭᠡᠵᠤ ᠨᠤᠳᠤᠭ ᠤᠨ ᠮᠠᠯᠴᠢᠳ ᠶᠠᠷᠢᠵᠤ ᠪᠠᠶᠢᠪᠠ᠃ | ︽ᠮᠠᠨ ᠤ ᠨᠤᠳᠤᠭ ᠢᠶᠠᠷ ᠪᠤᠷᠤᠭᠠᠨ ᠰᠠᠶᠢᠨ ᠤᠷᠤᠭᠰᠠᠨ ᠪᠤᠯᠬᠤᠷ ᠮᠠᠯᠴᠢᠳ ᠤᠨᠴᠠᠭᠠᠢ ᠪᠠᠶᠠᠷᠳᠠᠢ ᠪᠠᠶᠢᠨ᠎ᠠ᠂ | ᠢᠯᠠᠩᠭᠤᠶ᠎ᠠ ᠮᠠᠨ ᠤ ᠭᠠᠴᠠᠭᠠᠨ ᠤ ᠪᠠᠷᠠᠭᠤᠨ ᠭᠡᠰᠡᠭ ᠤᠨ ᠨᠤᠳᠤᠭ ᠤᠳ ᠢᠶᠠᠷ ᠪᠦᠷ ᠶᠡᠭᠡ ᠤᠷᠤᠭᠰᠠᠨ᠃ ᠭᠠᠵᠠᠷ ᠤᠨ | ᠬᠦᠷᠦᠰᠤ ᠪᠠᠷᠤᠭ 50 ᠰᠠᠨᠲ᠋ᠢᠮᠧᠳ᠋ᠷ ᠬᠢᠷᠢᠲᠠᠢ ᠨᠡᠪᠳᠡᠷᠡᠭᠰᠡᠨ ᠢᠶᠠᠷ ᠴᠢᠬᠢᠭ ᠤᠨ ᠬᠡᠮᠵᠢᠶ ᠠ ᠶᠡᠭᠡ᠃ ᠲᠠᠬᠢᠪᠠᠯ ᠪᠠᠷᠤᠭ | ᠬᠤᠷᠢᠨ ᠵᠢᠯ ᠶᠠᠪᠤᠭ᠎ᠠ ᠦᠭᠡᠢ ᠬᠤᠯᠠ ᠶᠢᠨ ᠦᠶᠠᠷ ᠢᠷᠡᠭᠰᠡᠨ᠂ ᠬᠡᠮᠵᠢᠶ᠎ᠠ ᠨᠢ ᠶᠡᠭᠡ ᠪᠦᠭᠡᠳ ᠳᠡᠯᠭᠡᠬᠦᠨ ᠴᠤ | ᠦᠶᠠᠷᠯᠡᠭᠰᠡᠨ᠂ ᠵᠠᠩ ᠬᠢᠷᠢᠳᠡᠢ ᠬᠦᠨ ᠭᠤᠤ ᠳᠦᠬᠦᠷᠤᠭᠡᠳ ᠦᠶᠠᠷᠯᠠᠵᠤ ᠪᠠᠶᠢᠭᠰᠠᠨ᠃ ᠮᠠᠨ ᠤ ᠨᠤᠳᠤᠭ ᠤᠨ | ᠨᠤᠭᠤᠭᠠᠨ ᠤ ᠤᠷᠭᠤᠯᠳᠠ ᠶᠢᠨ ᠪᠠᠶᠢᠳᠠᠯ ᠠᠴᠠ ᠠᠪᠴᠤ ᠦᠵᠡᠪᠡᠯ ᠡᠬᠢᠯᠡᠭᠡᠳ ᠲᠠᠶᠢᠮᠤ ᠠᠶᠢᠬᠤᠪᠳᠤᠷ ᠦᠭᠡᠢ᠂ ᠨᠠᠷᠠ | ᠰᠠᠶᠢᠨ ᠬᠠᠯᠠᠬᠤ ᠦᠭᠡᠢ ᠳᠡᠭᠡᠷ᠎ᠠ ᠪᠠᠨ ᠰᠠᠯᠬᠢᠯᠠᠭᠠᠳ ᠰᠦᠨᠢ ᠳᠡᠭᠡᠨ ᠶᠡᠭᠡ ᠰᠡᠷᠢᠬᠦᠨ ᠪᠠᠶᠢᠭᠰᠠᠨ᠃ ᠤᠳᠤ ᠬᠡᠷᠪᠡ | ᠨᠠᠷᠠ ᠰᠠᠶᠢᠨ ᠬᠠᠯᠠᠪᠠᠯ ᠨᠤᠭᠤᠭ᠎ᠠ ᠴᠤ ᠰᠠᠶᠢᠨ ᠤᠷᠭᠤᠨ᠎ᠠ ᠳ᠋ᠠ︾ ᠭᠡᠵᠤ ᠲᠤᠰ ᠭᠠᠴᠠᠭᠠᠨ ᠤ ᠮᠠᠯᠴᠢᠨ | ᠪᠦᠷᠢᠨᠪᠠᠭᠠᠲᠤᠷ ᠪᠠᠶᠠᠷᠳᠠᠢ ᠨᠢ ᠠᠷᠭ᠎ᠠ ᠦᠭᠡᠢ ᠶᠠᠷᠢᠵᠤ ᠪᠠᠶᠢᠯ᠎ᠠ᠃ | ᠰᠦᠨᠢᠳ ᠤᠨ ᠲᠠᠯ᠎ᠠ ᠳᠤ ᠭᠤᠤᠯ ᠦᠶᠠᠷᠯᠠᠳᠠᠯᠠ ᠪᠤᠷᠤᠭᠠᠨ ᠤᠷᠤᠯ᠎ᠠ ᠭᠡᠳᠡᠭ ᠲᠦᠰᠦᠷ ᠤᠨ ᠵᠢᠯ ᠳᠤ | ᠰᠤᠨᠤᠰᠳᠠᠭ᠎ᠠ ᠦᠭᠡᠢ ᠰᠤᠨᠢᠷᠬᠠᠯᠳᠠᠢ ᠴᠢᠮᠡᠭᠡ ᠪᠤᠯᠬᠤ ᠨᠢ ᠭᠠᠷᠴᠠᠭ᠎ᠠ ᠦᠭᠡᠢ᠃ ᠡᠨᠡ ᠤᠳᠠᠭᠠᠨ ᠤ ᠪᠤᠷᠤᠭᠠᠨ ᠢᠶᠠᠷ | ᠬᠤᠷᠢ ᠰᠢᠬᠠᠮ ᠵᠢᠯ ᠬᠠᠳᠠᠭᠰᠠᠨ ᠰᠦᠨᠢᠳ ᠪᠠᠷᠠᠭᠤᠨ ᠬᠤᠰᠢᠭᠤᠨ ᠤ ᠪᠦᠲᠦᠮᠵᠢ ᠶᠢᠨ ᠭᠤᠤᠯ ᠦᠶᠡᠷᠯᠡᠵᠤ᠂ ᠡᠴᠢᠭᠡ | ᠲᠡᠭᠷᠢ ᠶᠢᠨ ᠬᠤᠷ᠎ᠠ ᠡᠬᠡ ᠲᠠᠯ᠎ᠠ ᠶᠢᠨ ᠬᠦᠷᠦᠰᠤ ᠶᠢ ᠤᠮᠳᠠᠯᠠᠳᠠᠯᠠ ᠤᠷᠤᠭᠰᠠᠨ ᠢ ᠭᠡᠷᠡᠴᠢᠯᠡᠨ᠎ᠠ᠃ ᠲᠠᠶᠢᠨᠬᠦ ᠲᠤᠰ | ᠨᠤᠳᠤᠭ ᠤᠨ ᠮᠠᠯᠴᠢᠳ ︽ᠪᠤᠷᠤᠭ᠎ᠠ ᠤᠷᠤᠯ᠎ᠠ᠂ ᠭᠠᠩ ᠲᠠᠶᠢᠯᠤᠭᠳᠠᠯᠠ︾ ᠭᠡᠵᠤ ᠶᠡᠭᠡ ᠪᠠᠶᠠᠷᠯᠠᠵᠤ ᠪᠠᠶᠢᠯ᠎ᠠ᠃ | ᠪᠠᠶᠠᠷᠯᠠᠯᠳᠤᠬᠤ ᠨᠢ ᠴᠤ ᠲᠦᠮᠡᠨ ᠵᠦᠪ᠃ ᠲᠤᠰ ᠬᠤᠰᠢᠭᠤᠨ ᠤ ᠰᠠᠶᠢᠬᠠᠨᠳᠠᠯ᠎ᠠ ᠪᠠᠯᠭᠠᠰᠤ ᠶᠢᠨ ᠪᠠᠷᠠᠭᠤᠨᠪᠤᠯᠠᠭ | ᠭᠠᠴᠠᠭ᠎ᠠ ᠪᠤᠯ ᠡᠨᠡ ᠤᠳᠠᠭᠠᠨ ᠤ ᠪᠤᠷᠤᠭᠠᠨ ᠶᠡᠭᠡ ᠤᠷᠤᠭᠰᠠᠨ ᠭᠠᠵᠠᠷ ᠤᠨ ᠨᠢᠭᠡ ᠪᠤᠯᠤᠨ᠎ᠠ᠃ ᠪᠤᠷᠤᠭᠠᠨ ᠢᠶᠠᠷ | ᠲᠤᠰ ᠭᠠᠴᠠᠭᠠᠨ ᠤ ᠰᠢᠷᠭᠢᠭᠡᠳ ᠪᠠᠶᠢᠭᠰᠠᠨ ᠬᠤᠳᠤᠭᠤᠳᠤ ᠶᠢᠨ ᠨᠠᠭᠤᠷ᠂ ᠳᠠᠪᠤᠰᠤᠨ ᠨᠠᠭᠤᠷ᠂ ᠪᠦᠲᠦᠬᠦᠨ ᠨᠠᠭᠤᠷ | ᠪᠦᠷ ᠨᠠᠭᠤᠷᠯᠠᠵᠠᠢ᠃ ᠲᠠᠶᠢᠨᠬᠦ ᠲᠤᠰ ᠨᠤᠳᠤᠭ ᠤᠨ ᠮᠠᠯᠴᠢᠳ ᠡᠨᠡ ᠬᠤᠶᠠᠷ ᠡᠳᠦᠷ ᠠᠴᠠ ᠬᠤᠷ᠎ᠠ ᠪᠠᠭᠤᠭᠰᠠᠨ | ᠪᠠᠶᠠᠷ ᠤᠨ ᠡᠷᠴᠢᠨ ᠳᠡᠭᠡᠷ᠎ᠠ ᠬᠤᠨᠢ ᠬᠤᠷᠠᠭᠠᠳ ᠤᠨ ᠢᠶᠠᠨ ︽ᠬᠤᠪᠴᠠᠰᠤ︾ ᠶᠢ ᠨᠢᠮᠭᠡᠯᠡᠬᠦ ᠠᠵᠢᠯ ᠳᠤ ᠤᠷᠮᠠᠳᠠᠢ | ᠶᠠᠭᠠᠷᠠᠵᠤ ᠡᠬᠢᠯᠡᠵᠡᠢ᠃ | — ᠪᠤᠷᠤᠭᠠᠨ ᠤᠷᠤᠭᠰᠠᠨ ᠠᠴᠠ ᠬᠤᠶᠢᠰᠢ ᠰᠠᠳᠬᠢᠯ ᠰᠠᠨᠠᠭ᠎ᠠ ᠮᠠᠨᠢ ᠴᠤ ᠠᠭᠤᠵᠢᠷᠠᠵᠤ᠂ ᠮᠠᠯᠴᠢᠳ ᠬᠤᠨᠢ | ᠬᠤᠷᠠᠭ᠎ᠠ ᠪᠠᠨ ᠤᠷᠮᠠᠳᠠᠢ ᠬᠠᠶᠢᠴᠢᠯᠠᠵᠤ ᠡᠬᠢᠯᠡᠵᠡᠭᠡᠭᠰᠡᠨ᠃ ᠮᠨᠨ ᠤ ᠠ ᠳᠠᠬᠢ ᠭᠠᠵᠠᠷ ᠤᠨ ᠬᠦᠷᠦᠰᠤ ᠪᠠᠷᠤᠭ | ᠲᠤᠬᠤᠢ ᠢᠯᠡᠬᠦᠤ ᠨᠡᠪᠲᠡᠷᠡᠵᠠᠢ᠃ ᠡᠷᠬᠢᠨ ᠲᠤᠭᠤᠷᠢᠨ ᠤ ᠨᠠᠭᠤᠷ ᠤᠳ ᠪᠦ᠋ᠷ ᠨᠠᠭᠤᠷᠯᠠᠭᠰᠠᠨ᠃ ᠡᠨᠡ ᠤᠳᠠᠭᠠᠨ ᠤ | ᠪᠤᠷᠤᠭᠠᠨ ᠵᠦᠭᠡᠯᠡᠨ ᠤᠷᠤᠭᠰᠠᠨ᠂ ᠪᠠᠰᠠ ᠲᠡᠭᠷᠢ ᠲᠤᠯᠠᠭᠠᠬᠠᠨ ᠤᠴᠢᠷ ᠠᠴᠠ ᠮᠠᠯ ᠬᠠᠷ᠎ᠠ ᠠ ᠳ᠋ᠡᠭᠰᠡᠨ ᠶᠠᠪᠤᠳᠠᠯ | ᠦᠭᠡᠢ᠂ ᠴᠠᠭ ᠨᠢ ᠤᠷᠲᠤ ᠰᠢᠪᠰᠢᠭᠡ ᠪᠤᠷᠤᠭᠠᠨ ᠤᠷᠤᠭᠰᠠᠨ᠃ ᠡᠭᠦᠨ ᠠᠴᠠ ᠡᠮᠦᠨ᠎ᠠ ᠮᠠᠨ ᠤ ᠨᠤᠳᠤᠭ ᠤᠨ | ᠪᠡᠯᠴᠢᠭᠡᠷ ᠴᠠᠭᠠᠨ ᠴᠤ ᠦᠭᠡᠢ ᠨᠤᠭᠤᠭᠠᠨ ᠴᠤ ᠦᠭᠡᠢ ᠪᠤᠯᠵᠤ ᠤᠳᠤ ᠵᠢᠭᠠᠬᠠᠨ ᠤᠳᠠᠭᠰᠠᠨ ᠪᠤᠯ ᠤᠳᠤᠷ ᠶᠠᠪᠤᠮᠠᠷ | ᠪᠤᠯᠤᠭᠠᠳ ᠭᠠᠩ ᠤᠨ ᠪᠠᠶᠢᠳᠠᠯ ᠬᠦᠨᠳᠤ ᠪᠤᠯᠴᠢᠬᠠᠭᠠᠤᠨ ᠪᠠᠶᠢᠪᠠ᠃ ᠡᠨᠡ ᠪᠤᠷᠤᠭᠠᠨ ᠪᠤᠯ ᠶᠤᠰᠤᠳᠠᠢ ᠤᠨᠢᠨ | ᠳᠡᠭᠡᠷ᠎ᠠ ᠨᠢ ᠪᠠᠭᠤᠭᠰᠠᠨ ᠲᠡᠭᠷᠢ ᠶᠢᠨ ᠲᠦᠷᠦᠯ ᠵᠦᠢᠯ ᠡ ᠭᠡᠵᠤ ᠲᠤᠰ ᠭᠠᠴᠠᠭᠠᠨ ᠤ ᠮᠠᠯᠴᠢᠨ ᠰᠡᠷᠬᠦᠯᠡᠩᠪᠠᠭᠠᠲᠤᠷ | ᠰᠡᠳᠬᠢᠯ ᠲᠤᠭᠲᠤᠯᠤᠨ ᠶᠠᠷᠢᠵᠤ ᠪᠠᠶᠢᠪᠠ᠃ |