— ᠮᠠᠯᠴᠢᠨ ᠪᠦᠰᠡᠬᠦᠢ ᠤᠯᠠᠭᠠᠨᠬᠤᠸᠠᠷ ᠲᠠᠢ ᠵᠤᠭᠤᠬᠳᠠᠭᠠᠳ ᠰᠤᠷᠪᠤᠯᠵᠢᠯᠠᠬᠴᠢ ᠰᠠᠷᠠᠨ᠎ᠠ | ᠰᠦᠨᠢᠳ ᠪᠠᠷᠠᠭᠤᠨ ᠬᠤᠰᠢᠭᠤᠨ ᠤ ᠵᠢᠷᠦᠬᠡ ᠪᠠᠯᠭᠠᠰᠤᠨ ᠤ ᠪᠠᠶᠠᠨᠪᠤᠯᠠᠭ ᠭᠠᠴᠠᠭ᠎ᠠ ᠶᠢᠨ ᠮᠠᠯᠴᠢᠨ | ᠤᠯᠠᠭᠠᠠᠬᠤᠸᠠᠷ ᠤᠨ ᠬᠢᠨ ᠪᠤᠯ ᠬᠤᠰᠢᠭᠤᠨ ᠤ ᠪᠠᠨ ᠢᠮᠠᠭ᠎ᠠ ᠮᠠᠯᠵᠢᠬᠤ ᠲᠤᠰᠬᠠᠢ ᠡᠷᠦᠬᠡ ᠶᠢᠨ ᠨᠢᠬᠡᠨ ᠪᠤᠯᠤᠨ᠎ᠠ᠃ | ᠶᠡᠷᠦᠨᠢ ᠶᠠᠮᠠᠷ ᠨᠢᠬᠡᠨ ᠠᠵᠢᠯ ᠲᠦᠷᠦᠯ ᠢᠶᠠᠷ ᠲᠤᠰᠬᠠᠢᠢᠵᠢᠬᠤ ᠳᠤ ᠡᠨᠡᠬᠦ ᠠᠵᠢᠯ ᠲᠦᠷᠦᠯ ᠳᠤ ᠮᠡᠷᠭᠡᠰᠢᠵᠦ | ᠴᠠᠭᠠᠷᠬᠠᠰᠠᠨ ᠪᠠᠶᠢᠬᠤ ᠤᠴᠢᠷᠳᠠᠢ ᠪᠤᠯᠬᠤᠷ ᠨᠢᠬᠡ ᠮᠠᠯᠴᠢᠨ ᠠᠶᠢᠯ ᠢᠮᠠᠭ᠎ᠠ ᠮᠠᠯᠵᠢᠬᠤ ᠲᠤᠰᠬᠠᠢ ᠡᠷᠦᠬᠡ | ᠪᠤᠯᠤᠬᠰᠠᠨ ᠨᠢ ᠴᠤ ᠦᠢᠯᠡᠳᠪᠦᠷᠢᠯᠡᠯ ᠤᠨ ᠬᠦᠷᠢᠶ᠎ᠠ ᠬᠡᠪᠴᠢᠶ᠎ᠠ ᠵᠢᠴᠢ ᠮᠠᠯᠵᠢᠯ ᠤᠨ ᠠᠷᠭ᠎ᠠ ᠲᠤᠷᠰᠢᠯᠭ᠎ᠠ ᠶᠢᠨ | ᠲᠠᠯ᠎ᠠ ᠪᠠᠷ ᠤᠯᠠᠨ ᠠᠴᠠ ᠤᠨᠴᠠᠭᠠᠢᠢᠷᠠᠬᠰᠠᠨ ᠪᠠᠶᠢᠬᠤ ᠨᠢ ᠮᠡᠳᠡᠭᠡᠵᠢ᠃ | ᠤᠯᠠᠭᠠᠨᠬᠤᠸᠠᠷ ᠤᠨ ᠬᠢᠨ 2002 ᠤᠨ ᠳᠤ ᠠᠯᠤᠰ ᠬᠤᠯᠠ ᠶᠢᠨ ᠯᠢᠶᠤᠤᠨᠢᠩ ᠮᠤᠵᠢ ᠠᠴᠠ 30 ᠭᠠᠷᠤᠢ | ᠨᠤᠯᠤᠤᠷ ᠤᠨ ᠢᠰᠢᠬᠡ ᠬᠤᠳᠠᠯᠳᠤᠨ ᠠᠪᠴᠤ ᠮᠠᠯᠵᠢᠭᠠᠳ ᠤᠳᠤ ᠪᠤᠯᠬᠤ ᠳᠤ 100 ᠭᠠᠷᠤᠢ ᠨᠤᠯᠤᠤᠷ ᠤᠨ ᠴᠠᠭᠠᠨ | ᠢᠮᠠᠭ᠎ᠠ ᠲᠠᠢ ᠪᠤᠯᠵᠦ᠂ ᠮᠠᠯ ᠤᠨ ᠲᠤᠭᠠᠯᠠᠯᠭ᠎ᠠ ᠳᠤ ᠬᠠᠮᠤᠭ ᠤᠯᠠᠨ ᠳᠠᠭᠠᠨ 300 ᠢᠮᠠᠭ᠎ᠠ ᠪᠦᠷᠢᠳᠭᠡᠬᠦᠯᠵᠦ | ᠪᠠᠶᠢᠬᠰᠠᠨ ᠤᠳᠠᠭ᠎ᠠ ᠲᠠᠢ᠃ ᠮᠦᠨ ᠴᠤ ᠵᠢᠷᠭᠤᠭ᠎ᠠ ᠲᠤᠯᠤᠭᠠᠨ ᠵᠢᠯ ᠤᠨ ᠡᠮᠦᠨ᠎ᠡ ᠨᠤᠯᠤᠤᠷ ᠵᠢᠩ ᠪᠦᠷᠢ ᠳᠡᠭᠡᠨ | 160 ᠲᠦᠭᠦᠷᠢᠭ ᠬᠦᠷᠴᠦ ᠪᠠᠶᠢᠬᠰᠠᠨ ᠦᠶ᠎ᠡ ᠳᠤ ᠬᠠᠪᠤᠷ ᠲᠠᠭᠠᠨ 300 ᠵᠢᠩ ᠨᠤᠯᠤᠤᠷ ᠬᠤᠳᠠᠯᠳᠤᠵᠦ᠂ 5 | ᠲᠦᠮᠡ ᠰᠢᠬᠠᠭᠤ ᠲᠦᠭᠦᠷᠢᠭ ᠤᠨ ᠤᠷᠤᠯᠭ᠎ᠠ ᠲᠤᠭᠠᠯᠠᠵᠤ ᠪᠠᠶᠢᠬᠰᠠᠨ ᠦᠡᠭᠭᠡᠷᠡᠯᠳᠡ ᠲᠠᠢ᠃ ᠤᠳᠤ ᠲᠡᠳᠡᠨ ᠤ ᠨᠢᠬᠡ | ᠡᠮ᠎ᠠ ᠢᠮᠠᠭᠠᠨ ᠠᠴᠠ ᠲᠡᠭᠰᠢᠳᠭᠡᠭᠡᠳ ᠵᠢᠩ ᠬᠤᠶᠠᠷ ᠯᠠᠩ ᠨᠤᠯᠤᠤᠷ ᠪᠠᠭᠤᠳᠠᠭ ᠪᠠ ᠪᠦᠳᠦᠬᠦᠨ ᠡᠷ᠎ᠡ | ᠢᠮᠠᠭᠠᠨ ᠠᠴᠠ ᠨᠢ ᠲᠡᠭᠰᠢᠳᠭᠡᠭᠡᠳ 2 ᠵᠢᠩ ᠰᠢᠬᠠᠭᠤ ᠨᠤᠯᠤᠤᠷ ᠪᠠᠭᠤᠴᠢᠬᠠᠳᠠᠭ ᠪᠠᠶᠢᠵᠤ᠂ ᠨᠤᠯᠤᠤᠷ ᠤᠨ | ᠭᠠᠷᠤᠯᠳᠠ ᠶᠢ ᠨᠡᠮᠡᠭᠳᠡᠬᠦᠯᠬᠦ ᠶᠢᠨ ᠲᠦᠯᠦᠬᠡ ᠲᠤᠰᠬᠠᠢᠢᠯᠠᠨ ᠭᠠᠳᠠᠨ᠎ᠠ ᠠᠴᠠ ᠨᠤᠯᠤᠤᠷ ᠤᠨ ᠢᠰᠢᠬᠡ ᠰᠤᠩᠭᠤᠨ | ᠠᠪᠴᠢᠷᠠᠵᠤ ᠮᠠᠯᠵᠢᠬᠰᠠᠨ ᠤ ᠪᠠᠨ ᠠᠴᠢ ᠶᠢ ᠬᠦᠷᠳᠡᠵᠦ ᠶᠠᠪᠤᠨ᠎ᠠ᠃ ᠦᠨᠦ ᠵᠢᠯ ᠢᠮᠠᠭᠠᠨ ᠤ ᠨᠤᠯᠤᠤᠷ ᠵᠢᠩ | ᠪᠦᠷᠢ ᠳᠡᠭᠡᠨ 130 ᠲᠦᠭᠦᠷᠢᠭ ᠬᠦᠷᠦᠭᠰᠡᠨ ᠪᠤᠯᠬᠤᠷ ᠡᠳᠡᠨ ᠤ ᠨᠢᠬᠡ ᠡᠮ᠎ᠡ ᠢᠮᠠᠭᠠᠨ ᠠᠴᠠ ᠵᠠᠭᠤ ᠵᠢᠷᠠᠭᠠᠳ | ᠲᠦᠭᠦᠷᠢᠭ ᠤᠨ ᠨᠤᠯᠤᠤᠷ ᠤᠨ ᠤᠷᠤᠯᠭ᠎ᠠ ᠤᠯᠵᠤ᠂ ᠪᠦᠳᠦᠬᠦᠨ ᠡᠷ᠎ᠠ ᠢᠮᠠᠭᠠᠨ ᠠᠴᠠ 260 ᠲᠦᠬᠦᠷᠢᠭ ᠤᠨ | ᠨᠤᠯᠤᠤᠷ ᠤᠨ ᠤᠷᠤᠯᠭ᠎ᠠ ᠤᠯᠤᠭᠰᠠᠨ ᠨᠢ ᠪᠠᠰᠠᠴᠤ ᠴᠢᠮᠠᠯᠠᠰᠢ ᠦᠭᠡᠢ ᠶᠡᠭᠡ ᠠᠰᠢᠭ ᠪᠤᠯᠵᠤ ᠡᠷᠬᠢᠮᠯᠡᠭᠳᠡᠯᠠ᠃ | ᠲᠡᠷᠡᠴᠢᠯᠡᠨ ᠢᠰᠢᠬᠡ ᠨᠢ ᠨᠠᠮᠤᠷ ᠬᠤᠳᠠᠯᠳᠤᠬᠤ ᠳᠤ 500 ᠰᠢᠬᠠᠮ ᠲᠦᠭᠦᠷᠢᠭ ᠬᠦᠷᠴᠦ᠂ ᠡᠮ᠎ᠠ ᠢᠮᠠᠭ᠎ᠠ 700 | ᠲᠦᠭᠦᠷᠢᠭ ᠬᠦᠷᠳᠡᠭ ᠪᠤᠯᠬᠤᠷ ᠨᠠᠮᠤᠷ ᠤᠨ ᠭᠠᠷᠭᠠᠯᠳᠠ ᠶᠢᠨ ᠦᠶ᠎ᠡ ᠳᠤ ᠴᠤ ᠤᠷᠤᠯᠭ᠎ᠠ ᠪᠠᠭ᠎ᠠ ᠪᠤᠰᠤ᠃ | ᠲᠡᠭᠡᠬᠦ ᠪᠠᠷ ᠢᠶᠠᠨ ᠤᠳᠤ 200 ᠭᠠᠷᠤᠢ ᠬᠤᠨᠢ᠂ 100 ᠭᠠᠷᠤᠢ ᠢᠮᠠᠭ᠎ᠠ᠂ ᠬᠤᠷᠢᠭᠠᠳ ᠦᠭᠡᠷ ᠮᠠᠯᠵᠢᠵᠦ ᠪᠤᠢ | ᠡᠳᠡᠨᠡᠶᠢᠬᠢᠨ ᠤ ᠲᠠᠩᠰᠠᠨ ᠤ ᠲᠡᠪᠳᠡᠷ ᠤᠨ ᠲᠤᠭᠠᠴᠠᠭ᠎ᠠ ᠶᠢ ᠡᠷᠬᠢᠬᠦᠯᠵᠦ ᠦᠵᠡᠬᠦ ᠳᠤ᠂ ᠨᠢᠬᠡ ᠵᠢᠯ ᠤᠨ ᠠᠷᠪᠠᠭᠠᠳ | ᠲᠦᠮᠡᠨ ᠲᠦᠭᠦᠷᠢᠭ ᠢᠶᠠᠷ ᠲᠤᠭᠠᠯᠠᠬᠳᠠᠳᠠᠭ ᠪᠦᠬᠦ ᠤᠷᠤᠯᠭ᠎ᠠ ᠶᠢᠨ ᠬᠢᠨᠢ ᠲᠤᠮᠳᠠ ᠢᠮᠠᠭᠠᠨ ᠠᠴᠠ ᠢᠷᠡᠬᠦ | ᠤᠷᠤᠯᠭ᠎ᠠ ᠨᠢ 60% ᠪᠠᠷ ᠲᠡᠮᠳᠡᠭᠯᠡᠭᠳᠡᠳᠡᠭ ᠠᠵᠢ᠃ ᠤᠯᠠᠭᠠᠨᠬᠤᠸᠠᠷ ︽ᠵᠢᠯ ᠳᠡᠭᠡᠨ ᠨᠢᠬᠡ ᠢᠮᠠᠭᠠᠨ ᠤ ᠵᠠᠷᠤᠳᠠᠯ | ᠲᠡᠭᠰᠢᠳᠭᠡᠭᠡᠳ 100 — 120 ᠲᠦᠭᠦᠷᠢᠭ ᠤᠷᠴᠢᠮ ᠤᠷᠤᠳᠠᠭ᠃ ᠲᠡᠭᠡᠬᠦᠯᠡᠷ ᠨᠤᠯᠤᠤᠷ ᠤᠨ ᠬᠢᠨᠢ ᠤᠷᠤᠯᠭ᠎ᠠ | ᠢᠮᠠᠭᠠᠨ ᠳᠠᠭᠠᠨ ᠵᠠᠷᠤᠭᠠᠳ ᠬᠦᠷᠴᠢᠭᠡᠳᠡᠭ ᠪᠠᠶᠢᠵᠤ᠂ ᠢᠰᠢᠬᠡ ᠨᠢ ᠴᠡᠪᠡᠷ ᠤᠷᠤᠯᠭ᠎ᠠ ᠪᠤᠯᠵᠤ ᠦᠯᠡᠳᠡᠳᠡᠭ᠃ ᠡᠭᠡᠭᠡ | ᠠᠳᠠᠯᠢᠬᠠᠨ ᠬᠦᠳᠡᠯᠮᠦᠷᠢ ᠬᠦᠴᠦ᠂ ᠵᠠᠷᠤᠳᠠᠯ ᠰᠦᠢᠳᠭᠡᠯ ᠤᠷᠤᠬᠰᠠᠨ ᠪᠠᠶᠢᠳᠠᠯ ᠲᠤᠤᠷ᠎ᠠ ᠠᠰᠢᠭ ᠨᠢ ᠶᠡᠭᠡ ᠶᠢ | ᠰᠤᠩᠭᠤᠨ ᠮᠠᠯᠵᠢᠬᠤ ᠨᠢ ᠵᠦᠪ ᠪᠠᠶᠢᠯᠬᠦᠢ︾ ᠭᠡᠵᠦ ᠤᠴᠢᠷᠯᠠᠨ᠎ᠠ᠃ | ᠤᠯᠠᠭᠠᠨᠬᠤᠸᠠᠷ ᠤᠨ ᠬᠢᠨ ᠤ ᠬᠤᠪᠢᠳᠠᠵᠤ ᠤᠯᠤᠬᠰᠠᠨ 2000 ᠮᠥ ᠨᠤᠳᠤᠭ ᠪᠡᠯᠴᠢᠭᠡᠷ ᠲᠤ ᠲᠡᠰᠬᠢ ᠭᠤᠤᠯᠳᠠᠢ | ᠤᠷᠭᠤᠳᠠᠭ᠃ ᠢᠮᠠᠭ᠎ᠠ ᠮᠠᠯᠵᠢᠬᠤ ᠳᠤ ᠪᠤᠳᠠᠯᠢᠭ ᠤᠷᠭᠤᠮᠠᠯ ᠲᠠᠢ ᠪᠡᠯᠴᠢᠭᠡᠷ ᠯᠡ ᠶᠡᠭᠡ ᠵᠤᠬᠢᠴᠠᠬᠤ ᠪᠤᠯᠬᠤᠷ | ᠡᠳᠡᠨᠡᠶᠢᠬᠢ ᠮᠠᠯ ᠳᠠᠭᠠᠨ ᠵᠤᠬᠢᠴᠠᠬᠰᠠᠨ ᠪᠡᠯᠴᠢᠭᠡᠷ ᠬᠠᠶᠢᠵᠦ᠂ ᠵᠢᠯ ᠪᠤᠯᠭᠠᠨ ᠭᠠᠳᠠᠨ᠎ᠠ ᠠᠴᠠ ᠭᠠᠵᠠᠷ ᠲᠦᠷᠢᠶᠡᠰᠦᠯᠡᠨ | ᠭᠡᠰᠡᠭ ᠬᠤᠭᠤᠴᠠᠭ᠎ᠠ ᠤᠳᠤᠷᠯᠠᠳᠠᠭ ᠪᠠᠶᠢᠪᠠ᠃ ᠢᠮᠠᠭ᠎ᠠ ᠭᠡᠳᠡᠭ ᠠᠮᠢᠳᠠᠨ ᠠᠶᠢᠯ ᠤᠨ ᠲᠤᠤᠷ ᠬᠦᠷᠢᠶ᠎ᠡ ᠪᠠᠷ | ᠰᠢᠷᠭᠤᠵᠦ᠂ ᠭᠡᠯᠡ ᠠᠮᠠ ᠲᠠᠳᠠᠬᠤ ᠨᠢ ᠭᠡᠴᠡᠬᠦᠦ ᠬᠡᠮᠡᠨ ᠠᠳᠠᠯᠠᠳᠠᠭ ᠬᠦᠮᠦᠨ ᠲᠤᠩ ᠤᠯᠠᠨ ᠪᠠᠶᠢᠳᠠᠭ᠃ ᠭᠡᠬᠦ ᠳᠤ | ᠤᠯᠠᠭᠠᠨᠬᠤᠸᠠᠷ ᠤᠨ ᠬᠢᠨ ︽ᠲᠤᠤᠷ ᠬᠦᠷᠢᠶ᠎ᠠ ᠪᠠᠷ ᠰᠢᠷᠭᠤᠯᠠᠭᠠᠳ ᠬᠦᠶᠦᠳᠡᠭ ᠨᠢ ᠵᠦᠪᠬᠡᠨ ᠢᠮᠠᠭᠠᠨ ᠤ ᠮᠠᠭᠤ ᠪᠢᠰᠢ᠂ | ᠬᠠᠷᠢᠨ ᠡᠵᠡᠨ ᠤ ᠬᠢᠨᠢ ᠬᠠᠷᠢᠭᠤᠴᠠᠯᠭ᠎ᠠ ᠠᠯᠳᠠᠬᠰᠠᠨ ᠲᠠᠢ ᠰᠢᠭᠤᠳ ᠬᠤᠯᠪᠤᠭ᠎ᠠ ᠲᠠᠢ︾ ᠭᠡᠵᠦ ᠪᠤᠳᠤᠳᠠᠭ ᠪᠠᠶᠢᠵᠤ᠂ | ᠲᠤᠤᠷ ᠬᠦᠷᠢᠶᠡᠨ ᠤ ᠪᠠᠨ ᠰᠤᠯᠠᠷᠠᠵᠦ ᠪᠠᠭᠤᠬᠰᠠᠨ ᠭᠡᠰᠡᠭ ᠢ ᠴᠠᠭ ᠴᠠᠭ ᠲᠤᠨᠢ ᠰᠡᠯᠪᠢᠨ ᠵᠠᠰᠠᠵᠦ ᠬᠠᠮᠠᠭᠠᠯᠠᠬᠤ ᠶᠢ | ᠤᠨᠴᠠ ᠠᠩᠬᠠᠷᠳᠠᠭ ᠵᠠᠩᠰᠢᠯ ᠲᠠᠢ᠃ ᠲᠡᠭᠡᠬᠦ ᠪᠠᠷ ᠢᠮᠠᠭᠠᠳ ᠨᠢ ᠲᠤᠤᠷ ᠬᠦᠷᠢᠶ᠎ᠠ ᠪᠠᠷ ᠰᠢᠷᠭᠤᠯᠠᠵᠤ ᠬᠦᠶᠦᠬᠦ | ᠨᠦᠬᠦᠴᠡᠯ ᠦᠭᠡᠢ ᠮᠦᠷᠳᠡᠭᠡᠨ ᠡᠳᠦᠷ ᠤᠨ ᠤᠳᠠᠭᠠᠨ ᠳᠠᠭᠠᠨ ᠡᠨᠡ ᠨᠢ ᠪᠦᠷ ᠰᠠᠶᠢᠬᠠᠨ ᠲᠠᠳᠬᠠᠯ ᠪᠤᠯᠵᠤ᠂ | ᠬᠠᠷᠢᠭᠤᠯᠤᠯᠭ᠎ᠠ ᠴᠤ ᠲᠡᠮᠡᠢ ᠤᠷᠤᠳᠠᠭ ᠦᠭᠡᠢ ᠪᠤᠯᠵᠠᠢ᠃ ᠡᠨᠡ ᠲᠤᠬᠠᠢ ᠤᠯᠠᠭᠠᠨᠬᠤᠸᠠᠷ ︽ᠮᠠᠨ ᠤ ᠢᠮᠠᠭ᠎ᠠ ᠶᠡᠷᠦ ᠨᠢ | ᠲᠤᠤᠷ ᠬᠦᠷᠢᠶ᠎ᠠ ᠪᠠᠷ ᠰᠢᠷᠭᠤᠵᠤ ᠬᠦᠶᠦᠬᠦ ᠲᠠᠳᠬᠠᠯ ᠪᠠᠶᠢᠳᠠᠭ ᠦᠭᠡᠢ᠃ ᠡᠨᠡ ᠨᠢ ᠪᠠᠷᠤᠭ ᠪᠢᠳᠡᠨ ᠤ | ᠰᠤᠷᠭᠠᠬᠰᠠᠨ ᠤ ᠰᠠᠶᠢᠨ ᠪᠠᠶᠢᠬ᠎ᠠ ᠡ᠃ ᠮᠠᠯ ᠢ ᠴᠢᠨᠢ ᠪᠠᠰᠠ ᠬᠦᠮᠦᠨ ᠶᠠᠭᠠᠬᠢᠵᠦ ᠰᠤᠷᠭᠠᠬᠤ ᠪᠠᠷ ᠪᠤᠯᠤᠨ᠎ᠠ ᠰᠢᠦ᠃ | ᠤᠳᠤ ᠴᠢᠨᠢ ᠠᠶᠢᠯ ᠪᠤᠯᠭᠠᠨ ᠪᠦᠷ ᠭᠠᠵᠠᠷ ᠢᠶᠠᠨ ᠬᠦᠷᠢᠶᠡᠯᠡᠴᠢᠭᠡᠭᠡᠳ ᠮᠠᠯ ᠢᠶᠠᠨ ᠪᠦᠷ ᠲᠤᠤᠷ ᠬᠦᠷᠢᠶᠡᠨ ᠳᠡᠭᠡᠨ | ᠮᠠᠯᠵᠢᠵᠦ ᠪᠠᠶᠢᠬᠤ ᠶᠤᠮ ᠴᠢᠨᠢ ᠦᠭᠡᠷ᠎ᠠ ᠠᠶᠢᠯ ᠢ ᠬᠠᠮᠢᠶᠠᠷᠴᠤ ᠲᠡᠶᠢᠯᠬᠦ ᠦᠭᠡᠢ ᠴᠤ ᠦᠪᠡᠷ ᠤᠨ ᠲᠤᠤᠷ | ᠬᠦᠷᠢᠶ᠎ᠠ ᠪᠠᠨ ᠰᠠᠶᠢᠨ ᠬᠠᠷᠠᠵᠤ ᠬᠠᠮᠠᠭᠠᠯᠠᠭᠠᠳ ᠪᠠᠶᠢᠪᠡᠯ ᠢᠮᠠᠭ᠎ᠠ ᠬᠠᠮᠢᠭ᠎ᠠ ᠬᠦᠶᠦᠬᠦ ᠶᠤᠮ ᠪᠢᠯᠡ︖ ᠶᠡᠷᠦᠨᠢ | ᠢᠮᠠᠭ᠎ᠠ ᠶᠢ ᠰᠠᠶᠢᠬᠠᠨ ᠰᠤᠷᠭᠠᠴᠢᠬᠠᠪᠠᠯ ᠮᠠᠯᠵᠢᠬᠤ ᠳᠤ ᠠᠮᠠᠷᠬᠠᠨ᠂ ᠤᠰᠤ ᠪᠡᠯᠴᠢᠭᠡᠷ ᠢ ᠨᠢ ᠰᠠᠶᠢᠬᠠᠨ | ᠵᠤᠬᠢᠴᠠᠭᠤᠯᠬᠤ ᠶᠢᠨ ᠲᠠᠭᠠᠤ ᠲᠡᠵᠢᠭᠡᠬᠦ ᠦᠶ᠎ᠡ ᠳᠡᠭᠡᠨ ᠲᠤᠬᠳᠠᠬᠰᠠᠨ ᠴᠠᠭ ᠬᠤᠭᠤᠴᠠᠭ᠎ᠠ ᠲᠠᠢ᠂ ᠵᠤᠬᠢᠬᠤ | ᠪᠠᠷᠢᠮᠵᠢᠶ᠎ᠠ ᠲᠠᠢ ᠪᠠᠶᠢᠬᠤ ᠶᠢ ᠠᠩᠬᠠᠷᠴᠤ ᠪᠠᠶᠢᠪᠠᠯ ᠢᠮᠠᠭ᠎ᠠ ᠨᠠᠰᠢ ᠴᠠᠰᠢ ᠪᠠᠨ ᠬᠦᠶᠦᠭᠡᠳ ᠠᠵᠤ ᠪᠤᠯᠬᠤ ᠦᠭᠡᠢ | ᠮᠦᠷᠳᠡᠭᠡᠨ ᠲᠠᠷᠭᠤ ᠬᠦᠴᠦ ᠪᠠᠨ ᠪᠠᠳᠤᠯᠠᠵᠤ᠂ ᠭᠡᠭᠡᠯ ᠬᠠᠶᠠᠬᠤ ᠦᠭᠡᠢ ᠂ ᠨᠤᠯᠤᠤᠷ ᠨᠢ ᠴᠤ ᠰᠠᠶᠢᠨ ᠪᠠᠭᠤᠨ᠎ᠠ︾ | ᠭᠡᠵᠦ ᠪᠠᠶᠢᠯ᠎ᠠ᠃ | ᠮᠠᠯᠴᠢᠨ ᠤᠯᠠᠭᠠᠨᠬᠤᠸᠠᠷ ᠤᠨ ᠬᠢᠨ ᠨᠤᠯᠤᠤᠷ ᠤᠨ ᠴᠠᠭᠠᠨ ᠢᠮᠠᠭ᠎ᠠ ᠰᠤᠩᠭᠤᠨ ᠮᠠᠯᠵᠢᠵᠤ᠂ ᠬᠠᠷᠢᠭᠤᠴᠠᠯᠭ᠎ᠠ ᠲᠠᠢ | ᠮᠦᠷᠲᠠᠬᠡᠨ ᠨᠠᠷᠢᠨ ᠨᠢᠮᠪᠠᠢ ᠠᠷᠠᠴᠢᠯᠠᠨ ᠲᠤᠳᠤᠮᠳᠠᠳᠠᠭ ᠢᠶᠠᠷ ᠢᠮᠠᠭ᠎ᠠ ᠮᠠᠯᠵᠢᠬᠤ ᠠᠷᠭ᠎ᠠ ᠲᠤᠷᠰᠢᠯᠭ᠎ᠠ ᠪᠠᠷ ᠪᠠᠶᠠᠨ᠃ | ᠮᠦᠨ ᠴᠤ ᠬᠦᠳᠡᠯᠮᠦᠷᠢ ᠤᠬᠠᠭᠠᠨ ᠤ ᠬᠢᠨᠢ ᠬᠠᠷᠢᠭᠤ ᠪᠤᠯᠵᠤ ᠦᠨᠢᠷ ᠦᠰᠦᠭᠰᠡᠨ ᠮᠠᠯ ᠰᠦᠷᠦᠭ ᠤᠨ ᠬᠢᠨᠢ | ᠡᠵᠡᠨ ᠳᠡᠭᠡᠨ ᠬᠦᠷᠳᠡᠭᠡᠬᠦ ᠠᠰᠢᠭ ᠰᠢᠮ᠎ᠡ ᠨᠢ ᠴᠤ ᠦᠯᠠᠮᠵᠢ ᠪᠠᠶᠢᠭ᠎ᠠ ᠠᠵᠢ᠃ | |