ᠬᠡᠦᠬᠡᠳ ᠤᠨ ᠨᠡᠷ᠎ᠡ ᠥᠭᠬᠦ᠂ ᠤᠬᠢᠶᠠᠯᠭ᠎ᠠ ᠶᠢᠨ ᠵᠠᠩ ᠦᠢᠯᠡ ᠶᠢᠨ ᠲᠤᠬᠠᠢ
ᠨᠡᠶᠢᠲᠡᠯᠡᠭᠰᠡᠨ ᠴᠠᠭ᠄
2016/7/13
        — ᠮᠣᠩᠭᠤᠯ ᠶᠣᠰᠣ ᠵᠠᠩᠰᠢᠯ ᠢᠶᠠᠨ ᠲᠡᠭᠡᠳᠦᠯᠡᠬᠦᠢ      ᠠᠶᠢᠯ ᠭᠡᠷ ᠤᠨ ᠭᠠᠯ ᠭᠤᠯᠣᠮᠲᠠ᠂ ᠦᠷ᠎ᠡ ᠦᠨᠳᠦᠰᠦ ᠵᠠᠯᠭᠠᠮᠵᠢᠯᠠᠬᠤ ᠬᠡᠦᠬᠡᠳ ᠲᠥᠷᠥᠬᠦ ᠶᠢ ᠮᠣᠩᠭᠤᠯᠴᠤᠳ ︽ ᠬᠥᠮᠥᠨ ᠵᠠᠶᠠᠭᠠᠪᠠᠯ ᠬᠦᠨᠡᠰᠦ ᠵᠠᠶᠠᠭᠠᠨ᠎ᠠ︾ ᠬᠡᠮᠡᠨ ᠶᠡᠬᠡᠳᠡ ᠪᠡᠯᠭᠡᠰᠢᠶᠡᠨ ᠭᠡᠷ ᠪᠦᠯᠢ ᠶᠢᠨ ᠠᠮᠢᠳᠤᠷᠠᠯ ᠳᠤ ᠲᠣᠬᠢᠶᠠᠯᠳᠤᠭᠰᠠᠨ  ᠣᠨᠴᠠᠭᠠᠢ ᠲᠡᠮᠳᠡᠭᠯᠡᠯᠲᠦ ᠦᠢᠯᠡ ᠶᠠᠪᠤᠳᠠᠯ ᠪᠣᠯᠭᠠᠨ ᠶᠤᠰᠣᠯᠠᠳᠠᠭ ᠪᠥᠭᠡᠳ ᠲᠡᠭᠦᠨ ᠢ ᠬᠡᠦᠬᠡᠳ ᠤᠨ ᠤᠬᠢᠶᠠᠯᠭ᠎ᠠ ᠭᠡᠵᠦ  ᠨᠡᠷᠡᠯᠡᠳᠡᠭ᠃    ᠬᠡᠦᠬᠡᠳ ᠤᠬᠢᠶᠠᠬᠤ ᠶᠣᠰᠣᠯᠠᠯ ᠪᠣᠯ ᠡᠷᠳᠡᠨᠢᠲᠦ ᠬᠥᠮᠥᠨ ᠤ ᠪᠡᠶ᠎ᠡ ᠶᠢ ᠣᠯᠵᠤ ᠣᠷᠴᠢᠯᠠᠩ ᠳᠡᠭᠡᠷ᠎ᠡ ᠲᠥᠷᠥᠭᠰᠡᠨ ᠭᠡᠷ  ᠪᠦᠯᠢ ᠶᠢᠨ ᠰᠢᠨ᠎ᠡ ᠭᠡᠰᠢᠭᠦᠨ᠂ ᠲᠥᠷᠥ ᠤᠯᠤᠰ ᠤᠨ ᠢᠶᠠᠨ ᠪᠢᠴᠢᠬᠠᠨ ᠢᠷᠭᠡᠨ ᠢ ᠡᠴᠢᠭᠡ᠂ ᠡᠬᠡ ᠨᠢ ᠠᠬ᠎ᠠ ᠳᠡᠭᠦᠦ ᠲᠥᠷᠥᠯ  ᠰᠠᠳᠤᠨ᠂ ᠲᠠᠨᠢᠯ ᠳᠣᠲᠣᠨᠣ ᠨᠥᠬᠦᠳ ᠤᠨ ᠢᠶᠠᠨ ᠬᠠᠮᠲᠤ ᠪᠠᠷ ᠬᠦᠨᠳᠦᠳᠬᠡᠨ ᠬᠦᠯᠢᠶᠡᠨ ᠠᠪᠴᠤ ᠤᠨᠠᠭᠰᠠᠨ ᠭᠠᠵᠠᠷ ᠤᠨ ᠬᠢ  ᠎ ᠨᠢ ᠰᠢᠮᠡᠲᠦ ᠤᠰᠤ ᠪᠠᠷ ᠤᠭᠢᠶᠠᠨ ᠠᠮᠢᠳᠤᠷᠠᠯ ᠤᠨ ᠲᠤᠷᠰᠢ ᠳᠠᠭᠤᠳᠠᠭᠤᠯᠬᠤ ᠨᠡᠷ᠎ᠡ ᠶᠢ ᠎ ᠨᠢ ᠥᠭᠴᠦ ᠪᠤᠢ ᠶᠣᠰᠣᠯᠠᠯ ᠶᠤᠮ᠃  ᠬᠡᠦᠬᠡᠳ ᠤᠨ ᠤᠬᠢᠶᠠᠯᠭ᠎ᠠ ᠶᠢᠨ ᠶᠣᠰᠣᠯᠠᠯ ᠢ ᠦᠢᠯᠡᠳᠬᠦ ᠳᠡᠭᠡᠨ ᠬᠠᠭᠤᠴᠢᠨ ᠤ ᠤᠯᠠᠮᠵᠢᠯᠠᠯ ᠶᠣᠰᠣ ᠪᠠᠷ ᠪᠣᠯ  ᠲᠥᠷᠥᠭᠰᠡᠨ ᠠᠴᠠ ᠬᠤᠶᠢᠰᠢ 6—7 ᠬᠤᠨᠣᠭᠠᠳ ᠲᠥᠷᠥᠯ ᠰᠠᠳᠤᠨ ᠤ ᠪᠠᠨ ᠬᠦᠷᠢᠶᠡᠨ ᠳᠤ ᠶᠣᠰᠣᠯᠠᠨ ᠲᠡᠮᠳᠡᠭᠯᠡᠳᠡᠭ᠃  ᠭᠡᠬᠦ ᠳᠡᠭᠡᠨ ᠠᠵᠢᠯ ᠠᠮᠢᠳᠤᠷᠠᠯ ᠤᠨ ᠲᠤᠬᠠᠢ ᠶᠢᠨ ᠦᠶ᠎ᠡ ᠶᠢᠨ ᠪᠠᠶᠢᠳᠠᠯ ᠠᠴᠠ ᠰᠢᠯᠲᠠᠭᠠᠯᠠᠨ 16 ᠬᠤᠨᠣᠭᠠᠳ ᠴᠦ ᠬᠡᠦᠬᠡᠳ  ᠤᠬᠢᠶᠠᠬᠤ ᠶᠣᠰᠣᠯᠠᠯ ᠢ ᠬᠢᠵᠦ ᠪᠣᠯᠳᠠᠭ ᠪᠠᠶᠢᠪᠠ᠃    ᠬᠡᠦᠬᠡᠳ ᠤᠬᠢᠶᠠᠬᠤ ᠶᠣᠰᠣᠯᠠᠯ ᠤᠨ ᠦᠶ᠎ᠡ ᠳᠤ ᠠᠯᠢᠪᠠ ᠨᠠᠶᠢᠷ ᠤᠨ ᠠᠳᠠᠯᠢ ᠢᠳᠡᠭᠡ ᠴᠠᠭᠠᠯᠭ᠎ᠠ᠂ ᠵᠣᠭᠤᠭ ᠰᠢᠭᠦᠰᠦ  ᠂ ᠠᠶᠢᠷᠠᠭ ᠠᠷᠢᠬᠢ᠂ ᠪᠡᠯᠡᠳᠬᠡᠨ ᠵᠣᠴᠢᠨ ᠭᠡᠶᠢᠴᠢᠳ ᠢᠶᠠᠨ ᠳᠠᠶᠢᠯᠠᠬᠤ ᠪᠣᠯᠪᠠᠴᠤ ᠬᠡᠲᠦ ᠶᠡᠭᠡ ᠤᠤᠭᠤᠵᠤ ᠰᠣᠭᠲᠣᠭᠤᠷᠠᠬᠤ  ᠎ ᠶᠢ ᠴᠡᠭᠡᠷᠯᠡᠳᠡᠭ ᠪᠠ ᠭᠡᠷᠯᠡᠬᠦ ᠬᠤᠷᠢᠮ ᠤᠨ ᠨᠢᠭᠡ ᠠᠳᠠᠯᠢ ᠨᠠᠷ(ᠨᠠᠷᠠ) ᠰᠢᠩᠭᠡᠬᠦ ᠠᠴᠠ ᠡᠮᠦᠨ᠎ᠡ ᠨᠠᠶᠢᠷ ᠢ ᠳᠠᠭᠤᠰᠬᠠᠳᠠᠭ  ᠵᠠᠩᠰᠢᠯ ᠲᠠᠢ᠃ ᠬᠡᠦᠬᠡᠳ ᠲᠥᠷᠥᠬᠦ ᠦᠶ᠎ᠡ ᠳᠤ ᠡᠬᠡ  ᠳᠤ ᠨᠢ ᠣᠣᠭᠤᠯᠭᠠᠬᠤ ᠱᠥᠯᠥᠨ ᠤ ᠬᠤᠨᠢ ᠲᠥᠬᠦᠭᠡᠷᠡᠵᠦ ᠡᠨᠡ  ᠬᠤᠨᠢᠨ ᠤ ᠭᠡᠳᠡᠰᠦ᠂ ᠳᠣᠲᠣᠷ᠂ ᠴᠢᠰᠤ᠂ ᠬᠥᠰᠬᠦᠯᠡᠭᠰᠡᠨ ᠮᠢᠬ᠎ᠠ᠂ ᠥᠭᠡᠬᠦ ᠴᠢᠬᠢᠭᠰᠡᠨ ᠦᠩᠬᠦᠯᠴᠡᠭ᠂ ᠡᠯᠢᠭᠡ ᠪᠥᠭᠡᠷ᠎ᠡ᠂  ᠰᠡᠭᠦᠯ ᠢ ᠨᠢ ᠴᠢᠨᠠᠵᠤ ᠬᠡᠦᠬᠡᠳ ᠤᠬᠢᠶᠠᠬᠤ ᠶᠣᠰᠣᠯᠠᠯ ᠤᠨ ᠵᠣᠭᠤᠭ ᠰᠢᠭᠦᠰᠦᠨ ᠳᠤ ᠣᠷᠣᠭᠤᠯᠬᠤ ᠶᠣᠰᠣ ᠪᠠᠶᠢᠳᠠᠭ᠃       ᠮᠥᠨ ᠬᠡᠦᠬᠡᠳ ᠢ ᠡᠬᠡ ᠪᠠᠷᠢᠵᠤ ᠠᠪᠤᠭᠰᠠᠨ ᠡᠬᠡ ᠳᠤ ᠤᠭᠤᠴᠠ ᠲᠠᠯᠪᠢᠨ ᠬᠦᠨᠳᠦᠳᠬᠡᠳᠡᠭ ᠪᠠ ᠮᠢᠩᠭᠠᠳ  ᠶᠠᠰᠤᠲᠠᠨ ᠳᠤ ᠬᠡᠦᠬᠡᠳ ᠤᠬᠢᠶᠠᠬᠤ ᠶᠣᠰᠣᠯᠠᠯ ᠤᠨ ᠦᠶ᠎ᠡ ᠳᠤ  ᠲᠠᠯᠯᠠᠭ᠎ᠠ ᠶᠢᠨ ᠪᠣᠷᠤ ᠲᠣᠭᠤᠭ᠎ᠠ ᠬᠤᠪᠢᠩ ᠳᠤ ᠨᠢᠭᠡ ᠱᠣᠷᠣ  ᠮᠢᠬ᠎ᠠ᠂ ᠱᠠᠭᠠᠶᠢᠲᠣ᠂ ᠤᠭᠤᠷᠠᠭ᠂ ᠰᠡᠭᠦᠯ᠂ ᠴᠠᠭᠠᠨ ᠮᠢᠬ᠎ᠠ ᠬᠢᠭᠡᠳ ᠲᠥᠷᠥᠭᠰᠡᠨ ᠬᠡᠦᠬᠡᠳ ᠢ ᠡᠬᠡ ᠪᠠᠷᠢᠵᠤ ᠠᠪᠤᠭᠰᠠᠨ  ᠡᠬᠡ᠂ ᠬᠡᠦᠬᠡᠳ ᠲᠥᠷᠥᠭᠦᠯᠦᠭᠰᠡᠨ ᠡᠬᠡ  ᠶᠢ ᠬᠤᠷᠤᠢ ᠬᠤᠷᠤᠢ ᠬᠡᠮᠡᠨ ᠬᠤᠷᠤᠶᠢᠯᠠᠵᠤ ᠴᠠᠭᠠᠨ ᠮᠢᠬ᠎ᠠ ᠠᠴᠠ ᠭᠤᠷᠪᠠ ᠳᠠᠬᠢᠨ  ᠡᠷᠭᠢᠭᠦᠯᠵᠦ ᠭᠤᠷᠪᠠ ᠠᠮᠰᠠᠭᠤᠯᠵᠤ ᠶᠤᠰᠤᠯᠠᠭᠰᠠᠨ ᠤ ᠳᠠᠷᠠᠭ᠎ᠠ ᠬᠤᠪᠢᠩ ᠲᠠᠢ ᠮᠢᠬ᠎ᠠ ᠪᠠᠨ ᠴᠤᠭᠯᠠᠷᠠᠭᠰᠠᠨ ᠬᠥᠮᠥᠰ ᠲᠤ ᠨᠠᠷᠠ  ᠵᠥᠪ ᠲᠣᠭᠤᠷᠢᠭᠤᠯᠤᠨ ᠠᠮᠰᠠᠭᠤᠯᠳᠠᠭ᠃ ᠢᠩᠭᠢᠭᠡᠳ ᠦᠯᠡᠳᠡᠭᠰᠡᠨ ᠮᠢᠬ᠎ᠠ ᠶᠢ ᠭᠤᠷᠪᠠ ᠬᠤᠨᠤᠭ ᠬᠠᠳᠠᠭᠠᠯᠠᠭᠠᠳ  ᠬᠡᠦᠬᠡᠳ ᠤᠨ ᠡᠴᠢᠭᠡ᠂ ᠡᠬᠡ ᠬᠤᠶᠠᠷ ᠢᠳᠡᠳᠡᠭ ᠠᠵᠢ᠃ ᠡᠨᠡ ᠨᠢ ᠬᠡᠦᠬᠡᠳ ᠤᠨ ᠤᠬᠢᠶᠠᠯᠭ᠎ᠠ ᠶᠢᠨ ᠶᠣᠰᠣᠯᠠᠯ ᠤᠨ ᠵᠣᠭᠤᠭ  ᠰᠢᠭᠦᠰᠦ ᠪᠣᠯ ᠵᠠᠩ ᠦᠢᠯᠡ ᠶᠢᠨ ᠵᠤᠷᠢᠭᠤᠯᠤᠯᠲᠠ ᠲᠠᠢ ᠬᠦᠨᠳᠦᠳᠬᠡᠯ ᠤᠨ ᠢᠳᠡᠭᠡ ᠭᠡᠰᠡᠨ ᠤᠳᠬ᠎ᠠ ᠲᠠᠢ ᠠᠵᠢ᠃    ᠨᠠᠶᠢᠷ ᠡᠬᠢᠯᠡᠭᠰᠡᠨ ᠤ ᠳᠠᠷᠠᠭ᠎ᠠ ᠦᠳᠡ ᠳᠤᠮᠳᠠ ᠪᠣᠯᠬᠤ ᠠᠴᠠ ᠡᠮᠦᠨ᠎ᠡ ᠲᠣᠪᠠᠯᠠᠭᠰᠠᠨ ᠴᠠᠭ ᠪᠣᠯᠣᠮᠠᠭᠴᠠ ᠬᠡᠦᠬᠡᠳ  ᠤᠬᠢᠶᠠᠬᠤ ᠶᠣᠰᠣᠯᠠᠯ ᠦᠢᠯᠡᠳᠦᠳᠡᠭ ᠪᠠ ᠠᠩᠬ᠎ᠠ ᠪᠣᠭᠤᠵᠤ ᠠᠪᠤᠭᠰᠠᠨ ᠡᠬᠡ ᠠᠭᠠᠭ ᠲᠠᠢ ᠬᠠᠷ᠎ᠠ ᠴᠠᠢ ᠪᠤᠶᠤ ᠱᠥᠯᠥ ᠶᠢ  ᠪᠦᠯᠢᠶᠡᠳᠭᠡᠭᠡᠳ ᠬᠡᠦᠬᠡᠳ ᠢ ᠤᠬᠢᠶᠠᠳᠠᠭ᠃ ᠳᠠᠪᠤᠰᠤ ᠲᠠᠢ ᠱᠥᠯᠥᠨ ᠳᠤ ᠦᠷ᠎ᠡ ᠪᠤᠳᠠᠭ᠎ᠠ᠂ ᠠᠷᠴᠠ ᠬᠢᠵᠦ ᠤᠬᠢᠶᠠᠬᠤ  ᠶᠣᠰᠣ ᠨᠡᠶᠢᠲᠡ ᠮᠣᠩᠭᠤᠯᠴᠤᠳ ᠲᠤ ᠶᠡᠬᠡᠬᠡᠨ ᠳᠡᠯᠭᠡᠷᠡᠭᠰᠡᠨ ᠵᠠᠩᠰᠢᠯ ᠶᠤᠮ᠃ ᠢᠩᠭᠢᠵᠦ ᠤᠬᠢᠶᠠᠬᠤ ᠶᠢᠨ ᠤᠴᠢᠷ  ᠳᠠᠪᠤᠰᠤ ᠪᠠᠷ ᠪᠤᠷᠲᠠᠭ ᠢ ᠴᠡᠪᠡᠷᠯᠡᠵᠦ᠂ ᠠᠷᠴᠠ ᠪᠠᠷ ᠠᠷᠢᠭᠤᠳᠬᠠᠵᠤ᠂ ᠦᠷ᠎ᠡ ᠪᠤᠳᠠᠭ᠎ᠠ ᠰᠢᠭ ᠦᠨᠢᠷᠵᠢᠨ ᠦᠷᠡᠵᠢᠬᠦ ᠶᠢᠨ  ᠪᠡᠯᠭᠡ ᠲᠡᠮᠳᠡᠭ ᠭᠡᠵᠦ ᠦᠵᠡᠳᠡᠭ᠃    ᠡᠭᠦᠨ ᠤ ᠳᠠᠷᠠᠭ᠎ᠠ ᠬᠡᠦᠬᠡᠳ ᠤᠨ ᠡᠴᠢᠭᠡ᠂ ᠡᠬᠡ ᠨᠢ ᠪᠠᠷᠢᠵᠤ ᠠᠪᠤᠭᠰᠠᠨ ᠡᠬᠡ  ᠳᠤ ᠪᠤᠶᠤ ᠡᠰᠡᠪᠡᠯ ᠬᠠᠮᠤᠭ ᠤᠨ  ᠠᠬᠠᠮᠠᠳ ᠬᠦᠨᠳᠦᠲᠡᠢ ᠬᠥᠮᠥᠨ ᠳᠤ ᠬᠠᠳᠠᠭ ᠪᠠᠷᠢᠨ ︽ᠬᠦᠦ ᠳᠤ ᠨᠡᠷ᠎ᠡ ᠬᠠᠶᠢᠷᠠᠯᠠ︾ ᠭᠡᠵᠦ ᠬᠦᠰᠡᠬᠦ ᠳᠤ ᠠᠵᠠ  ᠵᠢᠷᠭᠠᠯ ᠲᠠᠢ ᠶᠠᠪᠤᠬᠤ ᠶᠢ ᠪᠡᠯᠭᠡᠰᠢᠶᠡᠭᠰᠡᠨ ᠨᠡᠷ᠎ᠡ ᠶᠢ ᠥᠪᠡᠷ ᠢᠶᠠᠨ ᠰᠣᠩᠭᠤᠨ ᠬᠡᠯᠡᠬᠦ᠂ ᠡᠰᠡᠪᠡᠯ ᠡᠴᠢᠭᠡ ᠡᠬᠡ ᠨᠢ  ᠤᠷᠢᠲᠠ ᠠᠴᠠ 2—3 ᠨᠡᠷ᠎ᠡ ᠶᠢ ᠰᠣᠩᠭᠤᠨ ᠪᠢᠴᠢᠭᠰᠡᠨ ᠴᠠᠭᠠᠨᠰᠣ ᠶᠢ ᠬᠤᠶᠢᠯᠠᠨ ᠳᠣᠲᠣᠷ᠎ᠠ ᠨᠢ ᠬᠢᠭᠰᠡᠨ ᠸᠠᠭᠠᠷ ᠲᠠᠢ  ᠪᠤᠳᠠᠭ᠎ᠠ ᠶᠢ ᠬᠡᠳᠦ ᠰᠢᠭᠰᠢᠬᠦ ᠳᠤ ᠲᠦᠷᠦᠭᠦᠯᠡᠵᠦ ᠢᠯᠡ ᠭᠠᠷᠤᠭᠰᠠᠨ ᠴᠠᠭᠠᠨᠰᠣ ᠶᠢ ᠠᠪᠴᠤ ᠤᠩᠰᠢᠭᠠᠳ ᠬᠡᠦᠬᠡᠳ ᠤᠨ  ᠴᠢᠬᠢᠨ ᠳᠤ ᠨᠡᠷ᠎ᠡ ᠶᠢ ᠨᠢ ᠰᠢᠪᠡᠨᠡᠨ ᠬᠡᠯᠡᠨ᠎ᠡ᠃ ᠲᠡᠭᠡᠬᠦ ᠳᠡᠭᠡᠨ ᠬᠡᠷᠪᠡ ᠬᠥᠪᠡᠭᠦᠨ ᠪᠠᠶᠢᠪᠠᠯ ᠪᠠᠷᠠᠭᠤᠨ ᠴᠢᠬᠢᠨ ᠳᠤ᠂ ᠥᠬᠢᠨ  ᠪᠠᠶᠢᠪᠠᠯ ᠵᠡᠭᠦᠨ ᠴᠢᠬᠢᠨ ᠳᠤ ᠭᠤᠷᠪᠠᠨᠲᠠ ᠰᠢᠪᠡᠨᠡᠨ ᠬᠡᠯᠡᠭᠡᠳ ︽ᠲᠠᠨ ᠤ ᠥᠬᠢᠨ ( ᠬᠦᠦ ) xxx ᠭᠡᠳᠡᠭ ᠨᠡᠷ᠎ᠡ ᠲᠠᠢ  ᠪᠣᠯᠣᠯ᠎ᠠ︾ ᠭᠡᠵᠦ ᠨᠡᠶᠢᠲᠡ ᠳᠤ ᠵᠠᠷᠯᠠᠳᠠᠭ ᠠᠵᠢ᠃    ᠬᠡᠦᠬᠡᠳ ᠤᠨ ᠨᠡᠷ᠎ᠡ ᠶᠢ ᠬᠡᠯᠡᠬᠦ ᠳᠡᠭᠡᠨ ᠡᠶᠢᠨ ᠬᠦ ᠬᠤᠶᠠᠷ ᠥᠭᠡᠷ᠎ᠡ ᠶᠠᠩᠵᠤ ᠪᠠᠷ ᠪᠠᠷᠠᠭᠤᠨ᠂ ᠵᠡᠭᠦᠨ ᠴᠢᠬᠢᠨ ᠳᠤ ᠎ ᠨᠢ  ᠰᠢᠪᠡᠨᠡᠨ ᠬᠡᠯᠡᠳᠡᠭ ᠶᠢᠨ ᠤᠴᠢᠷ ᠨᠢ ᠮᠣᠩᠭᠤᠯᠴᠤᠳ ᠤᠨ ᠡᠷᠲᠡᠨ ᠤ ᠵᠠᠩᠰᠢᠯ ᠶᠣᠰᠣᠨ ᠤ ᠳᠠᠭᠠᠤ ᠪᠠᠷᠠᠭᠤᠨ ᠲᠠᠯ᠎ᠠ ᠶᠢ  ᠡᠷᠡᠭᠲᠡᠢ ᠬᠥᠮᠥᠨ ᠳᠤ᠂ ᠵᠡᠭᠦᠨ  ᠶᠢ ᠡᠮᠡᠭᠲᠡᠢ ᠬᠥᠮᠥᠨ ᠳᠤ ᠣᠨᠣᠭᠠᠨ ᠬᠠᠮᠢᠶᠠᠷᠤᠭᠤᠯᠳᠠᠭ ᠤᠯᠠᠮᠵᠢᠯᠠᠯ ᠲᠠᠢ ᠬᠤᠯᠪᠣᠭᠠᠲᠠᠢ  ᠶᠤᠮ᠃ ᠲᠡᠭᠦᠨᠴᠢᠯᠡᠨ ᠬᠡᠦᠬᠡᠳ ᠲᠤ ᠥᠭᠬᠦ ᠨᠡᠷ᠎ᠡ ᠪᠢᠴᠢᠭᠰᠡᠨ ᠴᠠᠭᠠᠨᠰᠣ ᠶᠢ ᠸᠠᠭᠠᠷ ᠲᠠᠢ ᠪᠤᠳᠠᠭᠠᠨ ᠳᠣᠲᠣᠷ᠎ᠠ ᠬᠢᠳᠡᠭ ᠨᠢ  ᠨᠡᠷ᠎ᠡ ᠠᠯᠳᠠᠷ ᠨᠢ ᠪᠤᠳᠠᠭ᠎ᠠ ᠰᠢᠭ ᠥᠰᠬᠦ ᠶᠢᠨ ᠪᠡᠯᠭᠡᠳᠡᠯ ᠪᠣᠯᠳᠠᠭ᠃ ᠮᠣᠩᠭᠤᠯᠴᠤᠳ ︽ᠳᠠᠭᠤᠳᠠᠬᠤ ᠨᠡᠷ᠎ᠡ ᠶᠢ ᠡᠴᠢᠭᠡ᠂  ᠡᠬᠡ ᠥᠭᠭᠦᠨ᠎ᠡ᠂ ᠳᠠᠭᠤᠷᠢᠰᠬᠠᠬᠤ ᠠᠯᠳᠠᠷ ᠢ ᠥᠪᠡᠷ ᠢᠶᠠᠨ ᠣᠯᠣᠨ᠎ᠠ︾ ᠭᠡᠵᠦ ᠶᠠᠷᠢᠯᠴᠠᠳᠠᠭ ᠪᠢᠯᠡ᠃    ᠬᠡᠦᠬᠡᠳ ᠲᠤ ᠨᠡᠷ᠎ᠡ ᠥᠭᠬᠦ ᠳᠡᠭᠡᠨ ᠶᠡᠬᠡᠪᠴᠢᠯᠡᠨ ᠲᠡᠭᠦᠨ ᠳᠤ ᠠᠵᠠ ᠵᠢᠷᠭᠠᠯ᠂ ᠡᠷᠡᠭᠦᠯ ᠡᠩᠬᠡ᠂ ᠰᠠᠶᠢᠨ ᠰᠠᠶᠢᠬᠠᠨ ᠢ  ᠬᠦᠰᠡᠮᠵᠢᠯᠡᠨ ᠠᠷᠠᠳ ᠲᠦᠮᠡᠨ ᠤ  ᠪᠠᠨ ᠰᠠᠶᠢᠬᠠᠨ ᠤ ᠲᠠᠭᠠᠰᠢᠶᠠᠯ ᠢ ᠢᠯᠡᠷᠬᠡᠶᠢᠯᠡᠭᠰᠡᠨ ᠨᠡᠷ᠎ᠡ ᠰᠣᠩᠭᠤᠳᠠᠭ᠃ ᠮᠥᠨ ᠫᠦᠷᠪᠦ  ᠭᠠᠷᠠᠭ ᠲᠤ ᠲᠥᠷᠥᠭᠰᠡᠨ ᠪᠣᠯ ᠫᠦᠷᠪᠦᠵᠠᠪ᠂ ᠨᠢᠮ᠎ᠠ ᠭᠠᠷᠠᠭ ᠲᠤ ᠲᠥᠷᠥᠭᠰᠡᠨ ᠪᠣᠯ ᠨᠢᠮᠡᠵᠠᠪ ᠭᠡᠬᠦ ᠮᠡᠲᠦ ᠪᠠᠷ ᠨᠡᠷ᠎ᠡ ᠥᠭᠳᠡᠭ  ᠪᠠᠶᠢᠵᠠᠢ᠃   ᠬᠠᠭᠤᠴᠢᠨ ᠴᠠᠭ ᠲᠤ ᠬᠡᠦᠬᠡᠳ ᠲᠣᠭᠲᠠᠳᠠᠭ ᠦᠭᠡᠢ ᠠᠶᠢᠯ ᠳᠤ ᠬᠡᠦᠬᠡᠳ ᠲᠥᠷᠥᠪᠡᠯ ᠮᠤᠤᠠᠣᠬᠢᠨ᠂ ᠬᠦᠮᠦᠨᠪᠢᠰᠢ ᠂  ᠪᠢᠪᠢᠰᠢ᠂ ᠬᠡᠷᠪᠡ ᠬᠡᠦᠬᠡᠳ ᠨᠢ ᠨᠠᠰᠤ ᠪᠠᠷᠠᠭᠰᠠᠨ ᠪᠣᠯ ᠳᠠᠷᠠᠭ᠎ᠠ ᠶᠢᠨ ᠲᠥᠷᠥᠭᠰᠡᠨ ᠬᠡᠦᠬᠡᠳ ᠲᠤ ᠥᠪᠡᠷ ᠤᠨ ᠬᠡᠦᠬᠡᠳ  ᠪᠢᠰᠢ ᠬᠡᠮᠡᠨ ᠲᠡᠷᠡᠪᠢᠰᠢ᠂ ᠠᠳᠠᠯᠢᠪᠢᠰᠢ ᠭᠡᠬᠦ ᠮᠡᠲᠦ ᠪᠠᠲᠤᠯᠠᠭᠰᠠᠨ᠂ ᠡᠰᠡᠪᠡᠯ ᠨᠣᠬᠠᠢ᠂ ᠪᠠᠳᠢᠷᠴᠢᠨ ᠬᠡᠮᠡᠨ ᠦᠯᠦ  ᠲᠣᠭᠤᠮᠰᠠᠷᠯᠠᠨ ᠵᠢᠪᠡᠭᠦᠴᠡᠭᠰᠡᠨ᠂ ᠡᠰᠡᠪᠡᠯ ᠲᠡᠮᠦᠷ᠂ ᠥᠯᠴᠢᠷ ᠭᠡᠬᠦ ᠮᠡᠲᠦ ᠪᠠᠷ ᠣᠰᠣᠯ ᠦᠬᠦᠯ ᠳᠤ ᠳᠡᠶᠢᠯᠳᠡᠰᠢ ᠦᠭᠡᠢ  ᠭᠡᠰᠡᠨ ᠤᠳᠬ᠎ᠠ ᠲᠠᠢ ᠦᠭᠡ ᠪᠠᠷ ᠨᠡᠷᠡᠯᠡᠳᠡᠭ᠃ ᠬᠠᠭᠤᠴᠢᠨ ᠤ ᠰᠢᠲᠦᠯᠭᠡ ᠶᠢᠨ ᠣᠶᠢᠯᠠᠭᠠᠯᠲᠠ ᠶᠣᠰᠣ ᠪᠠᠷ ᠪᠣᠯ ᠡᠨᠡ ᠨᠢ  ᠰᠢᠨ᠎ᠡ ᠲᠥᠷᠥᠭᠰᠡᠨ ᠬᠡᠦᠬᠡᠳ ᠲᠤ ᠬᠤᠣᠷ ᠬᠥᠨᠥᠭᠡᠯ ᠬᠦᠷᠭᠡᠵᠦ ᠪᠣᠯᠵᠣᠰᠢ ᠦᠭᠡᠢ ᠳᠠᠯᠳᠠ ᠶᠢᠨ ᠣᠩᠭᠤᠨ ᠢ ᠬᠠᠭᠤᠷᠬᠤ ᠳᠤ  ᠴᠢᠭᠯᠡᠭᠳᠡᠭᠰᠡᠨ ᠵᠦᠢᠯ ᠶᠤᠮ᠃    ᠬᠡᠦᠬᠡᠳ ᠤᠨ ᠤᠭᠢᠶᠠᠯᠭ᠎ᠠ ᠳᠤ ᠢᠷᠡᠭᠰᠡᠨ ᠬᠦᠮᠦᠨ ᠪᠦᠷᠢ ᠲᠡᠭᠦᠨ ᠤ ᠳᠣᠲᠣᠷ᠎ᠠ ᠡᠬᠡ ᠪᠠᠷᠢᠵᠤ ᠠᠪᠤᠭᠰᠠᠨ ᠬᠥᠮᠥᠨ  ᠎ ᠨᠢ ᠰᠢᠨ᠎ᠡ ᠲᠥᠷᠥᠭᠰᠡᠨ ᠬᠡᠦᠬᠡᠳ ᠲᠤ ᠪᠡᠯᠡᠭ ᠥᠭᠳᠡᠭ ᠪᠠ ᠡᠳ᠋ ᠥᠯᠥᠭᠡᠢ ᠶᠢᠨ ᠵᠦᠢᠯᠡᠰ᠂ ᠬᠤᠪᠴᠠᠰᠤ᠂ ᠣᠶᠢᠷ᠎ᠠ  ᠲᠥᠷᠥᠯ ᠤᠨ ᠬᠢᠨ ᠨᠢ ᠤᠨᠠᠭ᠎ᠠ᠂ ᠬᠤᠷᠠᠭ᠎ᠠ᠂ ᠲᠤᠭᠤᠯ᠂ ᠪᠣᠲᠣᠭᠤ ᠵᠡᠷᠭᠡ ᠮᠠᠯ ᠥᠭᠳᠡᠭ ᠨᠢ ᠢᠷᠡᠭᠡᠳᠦᠢ ᠶᠢᠨ ᠮᠠᠯᠴᠢᠨ ᠤ  ᠬᠥᠷᠥᠩᠭᠡ ᠮᠠᠯ ᠢ ᠡᠷᠲᠡᠨ ᠠᠴᠠ ᠪᠡᠯᠡᠳᠬᠡᠵᠦ ᠪᠤᠢ ᠶᠢᠨ ᠵᠣᠷᠢᠭᠤᠯᠤᠯᠲᠠ ᠲᠠᠢ᠃    ᠬᠡᠦᠬᠡᠳ ᠲᠤ ᠥᠭᠳᠡᠭ ᠣᠨᠴᠠᠭᠠᠢ ᠪᠡᠯᠡᠭ ᠭᠡᠪᠡᠯ ᠬᠤᠢ ᠲᠠᠢ ᠬᠢᠲᠤᠭ᠎ᠠ᠂ ᠨᠤᠮᠤ ᠰᠤᠮᠤ᠂ ᠡᠮᠡᠭᠡᠯ ᠬᠠᠵᠠᠭᠠᠷ ᠭᠡᠬᠦ  ᠮᠡᠲᠦ ᠵᠦᠢᠯᠡᠰ ᠪᠠᠶᠢᠭᠰᠠᠨ ᠨᠢ ᠮᠠᠯᠴᠢᠨ ᠬᠥᠮᠥᠨ ᠤ ᠬᠥᠳᠡᠯᠮᠦᠷᠢ ᠶᠢᠨ ᠪᠠᠭᠠᠵᠢ ᠵᠡᠪᠰᠡᠭ ᠢ ᠥᠭᠴᠦ ᠪᠤᠢ ᠬᠡᠷᠡᠭ ᠶᠤᠮ᠃  ᠡᠴᠢᠭᠡ᠂ ᠡᠬᠡ ᠨᠢ ᠮᠥᠨ ᠢᠷᠡᠭᠰᠡᠨ ᠬᠥᠮᠥᠰ ᠲᠤ ᠬᠠᠷᠢᠭᠤ ᠪᠡᠯᠡᠭ ᠥᠭᠭᠦᠨ᠎ᠡ᠃    ᠬᠡᠦᠬᠡᠳ ᠤᠬᠢᠶᠠᠬᠤ ᠶᠣᠰᠣᠯᠠᠯ ᠤᠨ ᠦᠶ᠎ᠡ ᠳᠤ ᠰᠢᠨ᠎ᠡ ᠬᠥᠮᠥᠨ ᠤ ᠢᠷᠡᠭᠡᠳᠦᠢ ᠶᠢ ᠪᠡᠯᠭᠡᠳᠡᠭᠰᠡᠨ ᠢᠷᠦᠭᠡᠯ ᠬᠡᠯᠡᠵᠦ᠂  ᠪᠦᠪᠡᠢ ᠶᠢᠨ ᠳᠠᠭᠤᠤ᠂ ᠡᠴᠢᠭᠡ ᠡᠬᠡ ᠶᠢᠨ ᠠᠴᠢ ᠶᠢ ᠮᠠᠭᠲᠠᠭᠰᠠᠨ ᠠᠭᠤᠯᠭ᠎ᠠ ᠲᠠᠢ ᠳᠠᠭᠤᠤ ᠶᠢ ᠳᠠᠭᠤᠯᠠᠳᠠᠭ᠃ ᠨᠡᠯᠢᠶᠡᠳ  ᠡᠷᠲᠡᠬᠡᠨ ᠦᠶ᠎ᠡ ᠳᠤ ︽ᠬᠡᠦᠬᠡᠳ ᠤᠨ ᠲᠠᠯᠯᠠᠭ᠎ᠠ︾ ᠭᠡᠵᠦ ᠲᠤᠰᠬᠠᠢ ᠵᠠᠩ ᠦᠢᠯᠡ ᠶᠢᠨ ᠰᠢᠯᠦᠭ ᠬᠡᠯᠡᠳᠡᠭ ᠪᠠᠶᠢᠭᠰᠠᠨ  ᠪᠥᠭᠡᠳ ᠲᠡᠭᠦᠨ ᠳᠤ   ᠶᠢᠰᠦᠨ ᠮᠠᠭᠤ ᠶᠢ ᠳᠠᠪᠠᠭ᠋ᠤ ᠬᠢᠭᠡᠳ     ᠬᠥᠮᠥᠨ ᠡᠳ᠋ ᠲᠤ ᠥᠯᠵᠡᠶᠢᠲᠡᠢ     ᠬᠤᠲᠠᠯᠠ ᠴᠢᠭᠤᠯᠬᠤ ᠪᠣᠯᠲᠤᠭᠠᠢ     ᠵᠠᠭᠤᠨ ᠵᠢᠯ ᠠᠬᠤᠢ ᠪᠥᠭᠡᠳ     ᠵᠠᠭᠤᠨ ᠨᠠᠮᠤᠷ ᠢ ᠦᠵᠡᠬᠦ ᠪᠣᠯᠲᠤᠭᠠᠢ     ᠠᠮᠢ ᠴᠢᠨᠢ ᠭᠦᠷ ᠬᠠᠷ᠎ᠠ ᠴᠢᠯᠠᠭᠤᠨ ᠠᠴᠠ ᠪᠠᠲᠤ     ᠦᠨᠳᠦᠰᠦ ᠴᠢᠨᠢ ᠦᠶ᠎ᠡ ᠲᠠᠢ ᠴᠠᠭᠠᠨ ᠡᠪᠡᠰᠦᠨ ᠠᠴᠠ ᠣᠯᠠᠨ ᠪᠣᠯᠲᠤᠭᠠᠢ     ᠬᠤᠷᠤᠢ ᠬᠤᠷᠤᠢ ᠬᠤᠷᠤᠢ       ᠭᠡᠵᠦ ᠪᠢᠴᠢᠬᠠᠨ ᠬᠡᠦᠬᠡᠳ ᠤᠨ ᠢᠷᠡᠭᠡᠳᠦᠢ ᠶᠢᠨ ᠰᠠᠶᠢᠨ ᠰᠠᠶᠢᠬᠠᠨ ᠢ ︽ᠰᠢᠳᠢᠲᠦ ᠦᠭᠡ ᠶᠢᠨ︾ ᠬᠦᠴᠦ ᠪᠠᠷ ᠤᠷᠢᠨ  ᠳᠠᠯᠠᠯᠳᠠᠭ ᠪᠠᠶᠢᠭᠰᠠᠨ ᠨᠢ ᠢᠷᠦᠭᠡᠯ ᠤᠨ ᠤᠯᠠᠮᠵᠢᠯᠠᠯ ᠪᠣᠯᠣᠭᠰᠠᠨ ᠡᠷᠲᠡᠨ ᠤ ᠬᠡᠯᠪᠡᠷᠢ ᠶᠤᠮ᠃ ᠬᠡᠦᠬᠡᠳ ᠤᠨ ᠢᠷᠦᠭᠡᠯ ᠨᠢ  ᠲᠤᠬᠠᠢ ᠶᠢᠨ ᠶᠣᠰᠣᠯᠠᠯ ᠤᠨ ᠤᠴᠢᠷ ᠵᠣᠷᠢᠯᠭ᠎ᠠ ᠶᠢ ᠨᠡᠮᠡᠨ ᠲᠤᠳᠤᠴᠢᠯᠠᠵᠤ᠂ ᠰᠢᠨ᠎ᠡ ᠲᠥᠷᠥᠭᠰᠡᠨ ᠬᠡᠦᠬᠡᠳ᠂ ᠲᠡᠭᠦᠨ ᠤ  ᠡᠴᠢᠭᠡ᠂ ᠡᠬᠢ ᠳᠤ ᠬᠠᠨᠳᠤᠵᠤ ᠪᠤᠢ ᠬᠠᠮᠲᠤ ᠣᠯᠠᠨ ᠤ ᠰᠡᠳᠬᠢᠯ ᠢ ᠢᠯᠡᠷᠬᠡᠶᠢᠯᠡᠭᠰᠡᠨ ᠤᠳᠬ᠎ᠠ ᠲᠠᠢ᠃       ᠡᠨᠡ ᠢᠷᠦᠭᠡᠯ ᠨᠢ ᠠᠭᠤᠯᠭ᠎ᠠ ᠶᠢᠨ ᠬᠤᠪᠢ ᠳᠤ ᠡᠴᠢᠭᠡ᠂ ᠡᠬᠡ ᠬᠤᠶᠠᠷ ᠲᠤ ᠪᠣᠯᠣᠨ ᠬᠡᠦᠬᠡᠳ ᠲᠤ ᠬᠠᠨᠳᠤᠭᠰᠠᠨ  ᠬᠤᠶᠠᠷ ᠬᠡᠰᠡᠭ ᠲᠠᠢ᠃ ᠡᠴᠢᠭᠡ᠂ ᠡᠬᠢ ᠳᠤ ᠨᠢ ᠬᠠᠨᠳᠤᠭᠰᠠᠨ ᠬᠡᠰᠡᠭ ᠲᠤ ᠲᠡᠳᠡᠨ ᠢ ᠠᠩᠬ᠎ᠠ ᠡᠬᠢᠯᠡᠨ ᠲᠠᠨᠢᠯᠴᠠᠵᠤ᠂  ᠤᠯᠠᠮ ᠢᠶᠠᠷ ᠰᠡᠳᠬᠢᠯᠭᠡ ᠲᠠᠢ ᠪᠣᠯᠣᠭᠠᠳ ᠬᠠᠨᠢᠯᠠᠨ ᠰᠠᠭᠤᠵᠤ ᠬᠡᠦᠬᠡᠳ ᠲᠠᠢ ᠪᠣᠯᠣᠭᠰᠠᠨ ᠲᠤᠬᠠᠢ ᠳᠤ ᠨᠠᠷᠭᠢᠶᠠᠨ ᠲᠠᠢ  ᠪᠠᠶᠢᠳᠠᠯ ᠢᠶᠠᠷ ᠰᠢᠯᠦᠭᠯᠡᠭᠰᠡᠨ ᠪᠠᠶᠢᠳᠠᠭ ᠪᠣᠯ ᠬᠡᠦᠬᠡᠳ ᠲᠤ ᠵᠣᠷᠢᠭᠤᠯᠤᠭᠰᠠᠨ ᠬᠡᠰᠡᠭ ᠲᠤ ᠡᠴᠢᠭᠡ᠂ ᠡᠬᠡ ᠶᠢᠨ ᠬᠠᠶᠢᠷ᠎ᠠ  ᠢᠪᠡᠭᠡᠯ ᠳᠤᠷ ᠡᠷᠡᠭᠦᠯ ᠡᠩᠬᠡ ᠥᠰᠴᠦ ᠲᠤᠷᠨᠢᠨ ᠲᠦᠮᠡᠨ ᠣᠯᠠᠨ ᠳᠠᠭᠠᠨ ᠬᠦᠨᠳᠦᠲᠡᠢ ᠰᠠᠶᠢᠨ ᠬᠥᠮᠥᠨ ᠪᠣᠯᠬᠤ ᠶᠢ ᠢᠷᠦᠭᠡᠨ  ᠪᠡᠯᠭᠡᠳᠡᠭᠰᠡᠨ ᠪᠠᠶᠢᠳᠠᠭ᠃       ᠲᠤᠬᠠᠶᠢᠯᠠᠪᠠᠯ ᠬᠡᠦᠬᠡᠳ ᠲᠤ ᠬᠠᠨᠳᠤᠭᠰᠠᠨ ᠬᠡᠰᠡᠭ ᠲᠤ   ᠪᠤᠳᠠᠭᠠᠯᠭ᠎ᠠ ᠬᠤᠷᠢᠮ ᠢ ᠬᠢᠬᠦ ᠪᠠᠷ       ᠪᠤᠶᠠᠨ ᠲᠠᠢ ᠲᠠ ᠨᠠᠷ ᠢ ᠴᠤᠭᠯᠠᠭᠤᠯᠤᠭᠠᠳ     ᠰᠠᠶ᠋ᠢ ᠭᠠᠷᠤᠭᠰᠠᠨ ᠬᠦᠦ ᠶᠢᠨ ᠢᠶᠠᠨ     ᠰᠠᠶᠢᠨ ᠰᠠᠶᠢᠬᠠᠨ ᠢ ᠢᠷᠦᠭᠡᠵᠦ ᠪᠦᠬᠦᠢ ᠳᠤ       ᠡᠷᠳᠡᠨᠢᠲᠦ ᠬᠥᠮᠥᠨ ᠤ ᠪᠡᠶ᠎ᠡ ᠶᠢ ᠣᠯᠣᠭᠰᠠᠨ       ᠡᠷᠬᠢᠮ ᠬᠡᠦᠬᠡᠳ ᠤᠨ ᠠᠯᠳᠠᠷ ᠢ ᠲᠠᠭᠤᠷᠢᠰᠬᠠᠨ ᠁ ᠬᠡᠮᠡᠨ ᠡᠬᠢᠯᠡᠭᠡᠳ ᠪᠢᠴᠢᠬᠠᠨ ᠬᠡᠦᠬᠡᠳ ᠤᠨ ᠡᠷᠡᠭᠦᠯ ᠡᠩᠬᠡ  ᠥᠰᠴᠦ ᠶᠤᠷᠨᠢᠬᠤ ᠲᠤᠬᠠᠢ  ᠳᠤ      ᠁ ᠬᠤᠶᠠᠷ ᠨᠠᠰᠤ ᠶᠢ ᠴᠦ ᠬᠦᠷᠦᠨ᠎ᠡ ᠳ᠋ᠡ     ᠬᠤᠩᠭᠤᠷ ᠳᠠᠭᠠᠬᠢ ᠨᠢ ᠴᠦ ᠤᠷᠭᠤᠨ᠎ᠠ ᠳ᠋ᠠ     ᠠᠯᠠᠭ ᠬᠤᠶᠠᠷ ᠨᠢᠳᠦ ᠪᠠᠷ ᠢᠶᠠᠨ     ᠠᠪᠤ ᠡᠵᠢ ᠪᠠᠨ ᠲᠠᠨᠢᠳᠠᠭ ᠪᠣᠯᠣᠨ᠎ᠠ ᠁      ᠁ ᠳᠥᠷᠪᠡᠨ ᠨᠠᠰᠤ ᠶᠢ ᠴᠦ ᠬᠦᠷᠦᠨ᠎ᠡ ᠳ᠋ᠡ      ᠳᠥᠲᠡ ᠰᠠᠭᠠᠬᠠᠯᠲᠠ ᠪᠠᠷ ᠴᠦ ᠭᠦᠶᠦᠳᠡᠭ ᠪᠣᠯᠣᠨ᠎ᠠ      ᠠᠬᠢᠵᠤ ᠳᠥᠬᠦᠵᠦ ᠲᠠᠪᠤ ᠬᠦᠷᠦᠭᠡᠳ        ᠁ ᠠᠵᠢᠯ ᠤᠨ ᠨᠡᠮᠡᠷᠢ ᠲᠠᠢ ᠴᠦ ᠪᠣᠯᠣᠨ᠎ᠠ ᠁        ᠭᠡᠵᠦ ᠰᠢᠯᠦᠭᠯᠡᠨ ᠤᠯᠠᠮ ᠢᠶᠠᠷ ᠲᠣᠮᠣ ᠪᠣᠯᠣᠭᠰᠠᠨ ᠬᠤᠶᠢᠨ᠎ᠠ ᠪᠠᠨ ᠠᠵᠢᠯ ᠡᠷᠳᠡᠮ ᠳᠤ ᠰᠤᠷᠤᠯᠴᠠᠨ      ᠡᠬᠡ᠂ ᠡᠴᠢᠭᠡ ᠳᠡᠭᠡᠨ ᠡᠨᠡᠷᠢᠯ ᠲᠠᠢ      ᠡᠯᠢᠭᠡᠨ ᠰᠠᠳᠤᠨ ᠳᠠᠭᠠᠨ ᠲᠦᠰᠢᠭ ᠲᠠᠢ        ᠡᠬᠡ ᠣᠷᠣᠨ ᠳᠤ ᠪᠠᠨ ᠭᠠᠪᠢᠶ᠎ᠠ ᠲᠠᠢ        ᠡᠨᠡ ᠳᠡᠯᠡᠬᠡᠢ ᠳᠤ ᠨᠡᠷ᠎ᠡ ᠲᠠᠢ        ᠡᠷᠬᠢᠮ ᠰᠠᠶᠢᠨ ᠬᠥᠮᠥᠨ ᠪᠣᠯᠬᠤ ᠶᠢᠨ        ᠡᠶ᠎ᠡ ᠲᠠᠢ ᠰᠠᠶᠢᠬᠠᠨ ᠢᠷᠦᠭᠡᠯ ᠢ        ᠠᠳᠡ ᠳᠡᠪᠰᠢᠭᠦᠯᠵᠦ ᠠᠶᠢᠯᠠᠳᠬᠠᠶ᠎ᠠ ᠭᠡᠵᠦ ᠲᠡᠭᠦᠨ ᠤ ᠢᠷᠡᠭᠡᠳᠦᠢ ᠶᠢ ᠪᠡᠯᠭᠡᠳᠡᠨ ᠢᠷᠦᠭᠡᠵᠦ ᠲᠡᠭᠦᠰᠳᠡᠭ ᠪᠠᠶᠢᠨ᠎ᠠ᠃ ᠡᠨᠡ  ᠪᠣᠯ ᠪᠢᠴᠢᠬᠠᠨ ᠬᠦᠦ ᠳᠤ ᠬᠠᠨᠳᠤᠨ ᠬᠡᠯᠡᠵᠦ ᠪᠤᠢ ᠬᠠᠮᠲᠤ ᠣᠯᠠᠨ ᠤ ᠵᠠᠬᠢᠶᠠᠰᠤ ᠲᠡᠳᠦᠢ ᠦᠭᠡᠢ᠂ ᠶᠠᠮᠠᠷ ᠬᠥᠮᠥᠨ ᠢ ᠰᠠᠶᠢᠨ  ᠬᠥᠮᠥᠨ ᠭᠡᠵᠦ ᠦᠵᠡᠳᠡᠭ ᠲᠤᠬᠠᠢ ᠮᠣᠩᠭᠤᠯ ᠤᠨ ᠠᠷᠠᠳ ᠲᠦᠮᠡᠨ ᠤ ᠦᠵᠡᠯ ᠪᠣᠳᠣᠯ ᠤᠨ ᠢᠯᠡᠷᠬᠡᠶᠢᠯᠡᠯ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号