ᠬᠠᠳᠠᠭ ᠪᠠᠷᠢᠬᠤ ᠶᠤᠰᠤᠨ
ᠨᠡᠶᠢᠲᠡᠯᠡᠭᠰᠡᠨ ᠴᠠᠭ᠄
2016/7/11
  ᠮᠣᠩᠭᠤᠯᠴᠤᠳ ᠬᠠᠳᠠᠭ ᠢ ᠡᠳ᠋ ᠤᠨ ᠮᠠᠩᠯᠠᠢ ᠪᠣᠯᠭᠠᠨ ᠪᠠᠷᠢᠳᠠᠭ᠃ ᠬᠠᠳᠠᠭ ᠨᠢ ᠬᠡ ᠤᠭᠠᠯᠵᠠ᠂ ᠦᠰᠦᠭ ᠴᠢᠮᠡᠭ  ᠎ ᠢᠶᠠᠷ ᠢᠶᠠᠨ ᠮᠠᠰᠢ ᠣᠯᠠᠨ ᠶᠠᠩᠵᠤ ᠪᠥᠭᠡᠳ ᠤᠷᠲᠤ ᠪᠣᠭᠤᠨᠢ ᠪᠠᠷ ᠢᠶᠠᠨ ᠴᠦ ᠬᠠᠷᠢᠯᠴᠠᠨ ᠠᠳᠠᠯᠢ ᠦᠭᠡᠢ ᠪᠠᠶᠢᠨ᠎ᠠ᠃ ᠬᠡ  ᠴᠢᠮᠡᠭ ᠤᠨ ᠪᠠᠶᠢᠳᠠᠯ ᠢᠶᠠᠷ ᠬᠥᠮᠥᠨ ᠤ ᠳᠦᠷᠰᠦ ᠲᠠᠢ ᠠᠶᠤᠰᠢ ᠬᠠᠳᠠᠭ ᠢ ᠡᠴᠢᠭᠡ ᠡᠬᠡ᠂ ᠠᠬᠠᠮᠠᠳ ᠨᠠᠰᠤᠲᠠᠨ᠂ ᠡᠷᠬᠢᠮ  ᠬᠥᠮᠥᠨ ᠳᠤ ᠭᠤᠣᠯᠴᠢᠯᠠᠨ ᠪᠠᠷᠢᠬᠤ ᠪᠥᠭᠡᠳ ᠨᠠᠷᠠ᠂ ᠰᠠᠷ᠎ᠠ᠂ ᠦᠰᠦᠭ ᠪᠦᠬᠦᠢ ᠨᠠᠩᠵᠢᠸᠠᠩᠳᠠᠨ ᠬᠠᠳᠠᠭ ᠢ ᠶᠡᠬᠡᠪᠴᠢᠯᠡᠨ  ᠣᠷᠣᠰᠢᠭᠤᠯᠭ᠎ᠠ ᠶᠢᠨ ᠶᠣᠰᠣᠯᠠᠯ ᠳᠤ ᠬᠡᠷᠡᠭᠯᠡᠨ᠎ᠡ᠃ ᠬᠠᠳᠠᠭ ᠢ ᠪᠠᠷᠢᠬᠤ ᠬᠥᠮᠥᠨ ᠤᠷᠤᠭᠤ ᠪᠠᠨ ᠠᠮᠠ ᠶᠢ ᠨᠢ ᠬᠠᠷᠠᠭᠤᠯᠵᠤ  ᠡᠷᠡᠮᠪᠡ ᠪᠠᠷ ᠮᠡᠬᠦᠶᠢᠬᠦ ᠶᠤᠮ ᠦᠦ᠂ ᠰᠥᠭᠦᠳᠴᠦ ᠪᠠᠷᠢᠨ᠎ᠠ᠃ ᠠᠪᠬᠤ ᠬᠥᠮᠥᠨ ᠨᠢ ᠬᠠᠷᠢᠭᠤ ᠮᠡᠬᠦᠰᠬᠢᠨ ᠬᠠᠳᠠᠭ ᠢ ᠬᠤᠶᠠᠷ  ᠭᠠᠷᠳᠠᠨ ᠠᠪᠤᠭᠠᠳ ᠨᠢᠮᠪᠠᠢ ᠡᠪᠬᠡᠵᠦ ᠬᠢᠮᠠᠭᠠᠳᠠᠬᠤ ᠶᠣᠰᠣᠲᠠᠢ᠃ ᠬᠠᠳᠠᠭ ᠢ ᠪᠠᠷᠢᠬᠤ ᠳᠠᠭᠠᠨ ᠶᠣᠰᠣᠯᠠᠯ ᠤᠨ ᠲᠤᠬᠠᠢ ᠪᠡᠯᠭᠡ  ᠎ ᠲᠠᠢ ᠦᠭᠡ ᠬᠡᠯᠡᠵᠦ ᠰᠡᠭᠦᠯ ᠳᠤ ᠨᠢ ᠪᠠᠶᠠᠷ ᠎ ᠲᠤ ᠨᠡᠶᠢᠴᠡᠭᠦᠯᠦᠨ ᠪᠠᠷᠢᠬᠤ ᠬᠠᠳᠠᠭ ᠤᠨ ᠢᠶᠠᠨ ᠲᠤᠬᠠᠢ ᠳᠤ ᠳᠣᠣᠷᠠᠬᠢ  ᠦᠭᠡ ᠶᠢᠨ ᠠᠯᠢ ᠨᠢᠭᠡ ᠶᠢ ᠬᠡᠯᠡᠵᠦ ᠬᠠᠳᠠᠭ ᠢᠶᠠᠨ ᠭᠠᠷᠳᠠᠭᠤᠯᠤᠨ᠎ᠠ᠃      ᠬᠠᠳᠠᠭ ᠪᠠᠷᠢᠵᠤ ᠵᠣᠯᠭᠠᠬᠤ ᠶᠣᠰᠣᠨ ︵ᠬᠠᠳᠠᠭ ᠢᠶᠠᠨ ᠲᠡᠷᠡ ᠬᠥᠮᠥᠨ ᠳᠡᠭᠡᠨ ᠦᠯᠡᠳᠡᠭᠡᠨ᠎ᠡ︶ ᠥᠨᠳᠥᠷ ᠨᠠᠰᠤᠲᠠᠨ ᠪᠤᠶᠤ ᠨᠤᠲᠤᠭ ᠤᠰᠤᠨ ᠳᠠᠭᠠᠨ  ᠨᠡᠷ᠎ᠡ ᠲᠠᠢ ᠬᠥᠮᠥᠰ ᠲᠤ ᠬᠠᠳᠠᠭ ᠪᠠᠷᠢᠵᠤ ᠵᠣᠯᠭᠠᠬᠤ ᠶᠣᠰᠣᠲᠠᠢ ᠪᠠᠶᠢᠳᠠᠭ ᠃ ᠳᠡᠭᠦᠦ ᠬᠥᠮᠥᠨ ᠬᠠᠳᠠᠭ ᠢᠶᠠᠨ ᠭᠠᠷᠭᠠᠵᠤ  ᠠᠮᠠ ᠶᠢ ᠨᠢ ᠵᠣᠯᠭᠠᠬᠤ ᠬᠥᠮᠥᠨ ᠲᠡᠰᠢ ᠬᠠᠷᠠᠭᠤᠯᠵᠤ ᠬᠤᠶᠠᠷ ᠭᠠᠷᠳᠠᠨ ᠪᠠᠷᠢᠭᠰᠠᠭᠠᠷ ᠵᠣᠯᠭᠠᠵᠤ ᠪᠤᠢ ᠬᠥᠮᠥᠨ ᠤ ᠬᠤᠶᠠᠷ ᠭᠠᠷ  ᠳᠡᠭᠡᠷ᠎ᠡ ᠲᠠᠯᠪᠢᠭᠰᠠᠨ ᠤ ᠳᠠᠷᠠᠭ᠎ᠠ ᠵᠣᠯᠭᠠᠨ᠎ᠠ᠃ ᠬᠠᠳᠠᠭ ᠠᠪᠴᠤ ᠪᠠᠶᠢᠭ᠎ᠠ ᠬᠥᠮᠥᠨ ᠬᠠᠳᠠᠭ ᠢᠶᠠᠨ ᠬᠠᠪᠰᠤᠷᠤᠨ ᠬᠤᠷᠢᠶᠠᠭᠠᠳ  ᠮᠥᠨ ᠬᠠᠳᠠᠭ ᠲᠠᠢ ᠪᠠᠨ ᠵᠣᠯᠭᠠᠵᠤ ᠴᠦ ᠪᠣᠯᠣᠨ᠎ᠠ᠃ ᠬᠠᠳᠠᠭ ᠲᠠᠯᠪᠢᠵᠤ ᠪᠤᠢ ᠬᠥᠮᠥᠨ ᠬᠠᠳᠠᠭ ᠢᠶᠠᠷ ᠢᠶᠠᠨ ᠪᠦᠬᠦ  ᠬᠤᠷᠤᠭᠤ ᠶᠢ ᠨᠢ ᠪᠦᠲᠦᠭᠡᠵᠦ ᠪᠣᠯᠬᠤ ᠦᠭᠡᠢ᠃ ᠬᠠᠳᠠᠭ ᠢᠶᠠᠨ ᠡᠷᠡᠬᠡᠢ ᠬᠤᠷᠤᠭᠤᠨ ᠳᠤ ᠨᠢ ᠲᠤᠯᠭᠠᠵᠤ ᠠᠯᠭᠠᠨ ᠳᠤ ᠨᠢ  ᠪᠠᠭᠲᠠᠭᠠᠵᠤ ᠲᠠᠯᠪᠢᠨ᠎ᠠ᠃    ᠬᠠᠳᠠᠭ ᠪᠠᠷᠢᠬᠤ ᠳᠤ ᠬᠡᠯᠡᠬᠦ ᠦᠭᠡᠰ    ᠴᠠᠭᠯᠠᠰᠢ ᠦᠭᠡᠢ ᠤᠷᠲᠤ ᠨᠠᠰᠤᠲᠤ ᠠᠷᠢᠭᠤᠨ ᠬᠠᠳᠠᠭ    ᠲᠡᠭᠰᠢ ᠡᠷᠬᠡ ᠶᠢᠨ ᠲᠡᠭᠷᠢ ᠠᠴᠠ ᠴᠡᠴᠡᠭᠯᠡᠭᠰᠡᠨ    ᠳᠡᠯᠭᠡᠷᠡᠩᠭᠦᠢ ᠤᠷᠲᠤ ᠨᠠᠰᠤᠲᠤ ᠠᠷᠢᠭᠤᠨ ᠴᠠᠭᠠᠨ ᠬᠠᠳᠠᠭ    ᠢᠳᠡᠭᠡᠨ ᠤ ᠳᠡᠭᠡᠵᠢ ᠢᠯᠭᠢᠨ ᠴᠠᠭᠠᠨ ᠲᠠᠷᠠᠭ      ᠡᠳ᠋ ᠤᠨ ᠳᠡᠭᠡᠵᠢ ᠠᠷᠢᠭᠤᠨ ᠴᠠᠭᠠᠨ ᠬᠠᠳᠠᠭ      ᠬᠠᠳᠠᠭ ᠲᠠᠢ ᠵᠣᠯᠭᠠᠬᠤ ᠶᠣᠰᠣᠨ     ᠬᠠᠳᠠᠭ ᠲᠠᠢ ᠵᠣᠯᠭᠠᠬᠤ᠂ ᠬᠠᠳᠠᠭ ᠪᠠᠷᠢᠵᠤ ᠵᠣᠯᠭᠠᠬᠤ ᠨᠢ ᠵᠣᠯᠭᠠᠭᠴᠢ ᠪᠠᠨ ᠬᠦᠨᠳᠦᠳᠬᠡᠵᠦ ᠪᠠᠶᠢᠭ᠎ᠠ ᠪᠠᠨ  ᠢᠯᠡᠷᠬᠡᠶᠢᠯᠡᠬᠦ ᠲᠠᠯ᠎ᠠ ᠪᠠᠷ ᠢᠶᠠᠨ ᠠᠳᠠᠯᠢ ᠪᠣᠯᠪᠠᠴᠤ ᠢᠯᠭᠠᠭ᠎ᠠ ᠲᠠᠢ ᠲᠠᠯ᠎ᠠ ᠪᠤᠢ᠃ ᠬᠠᠳᠠᠭ ᠪᠠᠷᠢᠵᠤ ᠵᠣᠯᠭᠠᠬᠤ ᠶᠣᠰᠣᠨ ᠳᠤ  ᠳᠡᠭᠦᠦ ᠬᠥᠮᠥᠨ ᠨᠢ ᠠᠬᠠᠮᠠᠳ ᠳᠠᠭᠠᠨ ᠬᠠᠳᠠᠭ ᠢᠶᠠᠨ ᠪᠦᠷᠢᠮᠦᠰᠦᠨ ᠥᠭᠴᠦ ᠵᠣᠯᠭᠠᠳᠠᠭ ᠪᠣᠯ ᠬᠠᠳᠠᠭ ᠎ ᠲᠠᠢ ᠵᠣᠯᠭᠠᠬᠤ  ᠶᠣᠰᠣᠯᠠᠯ ᠳᠤ ᠬᠠᠳᠠᠭ ᠢᠶᠠᠨ ᠬᠥᠮᠥᠨ ᠳᠤ ᠥᠭᠳᠡᠭ ᠦᠭᠡᠢ᠂ ᠢᠮᠠᠭᠲᠠ ᠥᠪᠡᠷᠲᠡᠭᠡᠨ ᠠᠪᠴᠤ ᠪᠠᠶᠢᠳᠠᠭ᠃ ᠶᠠᠮᠠᠷ ᠴᠦ  ᠨᠠᠰᠤᠨ ᠤ ᠬᠥᠮᠥᠨ ᠲᠠᠢ ᠬᠠᠳᠠᠭ ᠲᠠᠢ ᠵᠣᠯᠭᠠᠵᠤ ᠪᠣᠯᠣᠨ᠎ᠠ᠃ ᠬᠠᠳᠠᠭ ᠲᠠᠢ ᠵᠣᠯᠭᠠᠨ᠎ᠠ ᠭᠡᠳᠡᠭ ᠨᠢ ᠬᠠᠳᠠᠭ ᠤᠨ ᠢᠶᠠᠨ ᠨᠢᠭᠡ  ᠦᠵᠦᠭᠦᠷ ᠠᠴᠠ ᠪᠠᠷᠠᠭᠤᠨ ᠭᠠᠷ ᠤᠨ ᠢᠶᠠᠨ ᠢᠳᠠᠮ ᠬᠤᠷᠤᠭᠤ ᠶᠢ ᠳᠣᠲᠣᠷ᠎ᠠ ᠲᠠᠯ᠎ᠠ ᠠᠴᠠ ᠨᠢ ᠨᠠᠷᠠ ᠵᠥᠪ ᠬᠤᠶᠠᠷ  ᠣᠷᠢᠶᠠᠭᠠᠳ ᠰᠢᠭᠡᠵᠡᠢ ᠬᠤᠷᠤᠭᠤ ᠲᠠᠢ ᠲᠠᠯ᠎ᠠ ᠤᠷᠤᠭᠤ ᠳᠣᠭᠤᠭᠰᠢ ᠤᠨᠵᠢᠭᠤᠯᠤᠭᠰᠠᠨ ᠴᠢᠭ ᠢᠶᠠᠷ ᠢᠶᠠᠨ ᠵᠣᠯᠭᠠᠨ᠎ᠠ᠃  ᠮᠥᠨ ᠲᠠᠨ ᠢ ᠵᠣᠯᠭᠠᠬᠤ ᠭᠡᠳ ᠳᠥᠬᠦᠵᠦ ᠣᠴᠢᠬᠤ ᠳᠤ ᠴᠠᠭᠠᠲᠤ ᠬᠥᠮᠥᠨ ᠬᠠᠳᠠᠭ ᠠᠪᠴᠤ ᠬᠤᠷᠤᠭᠤ ᠪᠠᠨ ᠣᠷᠢᠶᠠᠭᠠᠳ  ᠡᠬᠢᠯᠡᠪᠡᠯ ᠲᠠ ︽ᠡᠨᠡ ᠬᠥᠮᠥᠨ ᠨᠠᠮᠠᠶᠢ ᠶᠡᠬᠡᠳᠡ ᠬᠦᠨᠳᠦᠳᠬᠡᠵᠦ ᠪᠠᠶᠢᠭ᠎ᠠ ᠶᠤᠮ ᠪᠠᠶᠢᠨ᠎ᠠ︾ ᠭᠡᠵᠦ ᠪᠣᠳᠣᠭᠠᠷᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号