ᠮᠠᠨ ᠤ ᠠᠶᠢᠮᠠᠭ ᠡᠯᠧᠺᠲᠷᠤᠨ ᠬᠤᠳᠠᠯᠳᠤᠭᠠᠨ ᠤ ᠲᠠᠪᠴᠠᠩ ᠬᠢᠭᠡᠳ ᠲᠤᠤᠷ ᠰᠦᠯᠵᠢᠶᠠᠨ ᠤ ᠵᠠᠬ᠎ᠠ | ᠲᠡᠯᠭᠡᠭᠦᠷ ᠲᠤ ᠬᠢᠨᠠᠯᠳᠠ ᠲᠠᠯᠪᠢᠵᠦ ᠪᠠᠶᠢᠴᠠᠭᠠᠬᠤ ᠪᠠᠨ ᠴᠢᠩᠭᠠᠳᠬᠠᠵᠦ᠂ ᠰᠢᠯᠢ ᠶᠢᠨ ᠭᠤᠤᠯ ᠤᠨ ᠬᠤᠨᠢᠨ ᠮᠢᠬᠠᠨ ᠤ | ᠨᠠᠷ᠎ᠡ ᠶᠢ ᠠᠰᠢᠭᠯᠠᠨ ᠪᠤᠰᠤᠳ ᠭᠠᠵᠠᠷ ᠤᠨ ᠬᠤᠨᠢᠨ ᠮᠢᠬ᠎ᠠ ᠶᠢ ᠪᠤᠷᠤᠯᠠᠭᠤᠯᠵᠦ ᠪᠠᠶᠢᠭ᠎ᠠ ᠰᠦᠯᠵᠢᠶᠡᠨ ᠲᠡᠯᠭᠡᠭᠦᠷ ᠤᠨ | ᠬᠠᠤᠯᠢ ᠪᠤᠰᠤ ᠠᠵᠢᠯᠯᠠᠭ᠎ᠠ ᠳᠤ ᠴᠤᠬᠢᠯᠳᠠ ᠦᠭᠴᠦ ᠴᠢᠩᠭ᠎ᠠ ᠴᠡᠭᠴᠡᠯᠡᠨ ᠵᠠᠰᠠᠬᠰᠠᠨ ᠢᠶᠠᠷ᠂ ᠵᠢᠩᠬᠢᠨᠢ ᠰᠢᠯᠢ ᠶᠢᠨ | ᠭᠤᠤᠯ ᠤᠨ ᠬᠤᠨᠢᠨ ᠮᠢᠬᠠᠨ ᠤ ᠲᠤᠤᠷ ᠰᠦᠯᠵᠢᠶᠡᠨ ᠤ ᠪᠤᠷᠤᠯᠠᠭᠤᠯᠭ᠎ᠠ ᠨᠡᠶᠢᠳᠡᠮ ᠳᠡᠭᠡᠨ ᠨᠡᠮᠡᠭᠳᠡᠵᠦ᠂ ᠦᠷᠭᠡᠨ | ᠤᠯᠠᠨ ᠮᠠᠯᠴᠢᠨ ᠪᠤᠯᠤᠨ ᠤᠯᠠᠭᠠᠨ ᠢᠳᠡᠭᠡᠨ ᠡᠳ᠋ᠰᠢᠭᠦᠯᠵᠦ ᠪᠤᠯᠪᠠᠰᠤᠷᠠᠭᠤᠯᠬᠤ ᠠᠵᠦ ᠠᠬᠤᠢᠢᠯᠠᠯ ᠤᠨ ᠠᠰᠢᠭ ᠲᠤᠰᠠ | ᠬᠢᠭᠡᠳ ᠭᠠᠵᠠᠷ ᠤᠷᠤᠨ ᠤ ᠨᠡᠷᠡᠳᠦ ᠲᠡᠮᠳᠡᠭ ᠤᠨ ᠲᠦᠷᠢ ᠲᠦᠷᠭᠦ ᠶᠢ ᠪᠦᠳᠦᠮᠵᠢᠳᠠᠢ ᠬᠠᠮᠠᠭᠠᠯᠠᠵᠠᠢ᠃ | ᠡᠨᠡ ᠵᠢᠯ ᠠᠶᠢᠮᠠᠭ ᠤᠨ ᠵᠠᠬᠢᠷᠭ᠎ᠠ᠂ ᠠᠶᠢᠮᠠᠭ ᠤᠨ ᠲᠠᠷᠢᠶᠠᠯᠠᠩ ᠮᠠᠯ ᠠᠵᠦ ᠠᠬᠤᠢ ᠶᠢᠨ ᠲᠤᠪᠴᠢᠶ᠎ᠠ | ᠬᠠᠨᠭ᠍ᠭᠠᠯᠭ᠎ᠠ ᠶᠢᠨ ᠲᠠᠯ᠎ᠠ ᠶᠢᠨ ᠪᠦᠳᠦᠴᠡ ᠶᠢᠨ ᠴᠢᠨᠠᠷᠳᠠᠢ ᠦᠭᠡᠷᠡᠴᠢᠯᠡᠯᠳᠡ ᠶᠢ ᠴᠤᠤᠷᠢᠶᠠᠳᠤᠨ ᠲᠠᠭᠠᠵᠦ᠂ ᠬᠤᠨᠢᠨ | ᠮᠢᠬᠠᠨ ᠤ ᠦᠨ᠎ᠠ ᠬᠠᠨᠭ᠍ᠰᠢ ᠪᠠᠭᠤᠷᠠᠭᠰᠠᠨ ᠪᠤᠳᠠᠳᠤ ᠪᠠᠶᠢᠳᠠᠯ ᠳᠤᠤᠷ᠎ᠡ ᠭᠠᠴᠢᠭᠳᠠᠯ ᠢ ᠲᠤᠭᠤᠯᠵᠦ ᠭᠠᠷᠬᠤ ᠪᠠᠷ ᠱᠠᠩᠬᠠᠢ | ᠬᠤᠳᠠ ᠶᠢᠨ ᠵᠢᠦ ᠵᠢᠩ ᠰᠤᠷᠠᠭ ᠴᠢᠮᠡᠭᠡ ᠮᠡᠷᠭᠡᠵᠢᠯ ᠤᠨ ᠬᠢᠵᠠᠭᠠᠷᠳᠦ ᠺᠤᠮᠫᠠᠨᠢ ᠶᠢᠨ ᠪᠠᠶᠢᠭᠤᠯᠤᠭᠰᠠᠨ ᠰᠢᠯᠢ ᠶᠢᠨ | ᠭᠤᠤᠯ ᠤᠨ ᠲᠠᠯ᠎ᠠ ᠨᠤᠳᠤᠭ ᠤᠨ ᠪᠠᠶᠢᠭᠠᠯᠢᠯᠢᠭ ᠬᠤᠨᠢᠨ ᠮᠢᠬ᠎ᠠ ᠶᠢ ᠰᠢᠭᠤᠳ ᠪᠤᠷᠤᠯᠠᠭᠤᠯᠬᠤ ᠲᠠᠪᠴᠠᠩ ︽ᠰᠢ | ᠰᠢᠶᠠᠨ ᠱᠸᠡᠭ︾ ᠡᠯᠧᠺᠲᠷᠤᠨ ᠬᠤᠳᠠᠯᠳᠤᠭᠠᠨ ᠤ ᠲᠠᠪᠴᠠᠩ ᠲᠠᠢ ᠬᠠᠷᠢᠴᠠᠭ᠎ᠠ ᠪᠠᠶᠢᠭᠤᠯᠵᠦ᠂ ᠲᠤᠰ ᠲᠠᠪᠴᠠᠩ ᠢᠶᠠᠷ | ᠲᠠᠮᠵᠢᠨ ᠭᠡᠷᠡᠭᠯᠡᠭᠴᠢᠳ ᠲᠤ ᠪᠠᠶᠢᠭᠠᠯᠢᠯᠢᠭ᠂ ᠪᠤᠬᠢᠷᠳᠦᠯ ᠦᠭᠡᠢ ᠬᠤᠨᠢᠨ ᠮᠢᠬ᠎ᠠ ᠰᠢᠭᠤᠳ ᠬᠠᠨᠭ᠍ᠭᠠᠳᠠᠭ ᠪᠤᠯᠵᠠᠢ᠃ | ᠰᠢ ᠰᠢᠶᠠᠨ ᠱᠸᠡᠭ ᠡᠯᠧᠺᠲᠷᠦᠨ ᠬᠤᠳᠠᠯᠳᠤᠭᠠᠨ ᠤ ᠬᠢᠵᠠᠭᠠᠷᠳᠦ ᠺᠤᠮᠫᠠᠨᠢ ᠪᠠᠶᠢᠴᠠᠭᠠᠨ ᠪᠦᠷᠢᠳᠭᠡᠭᠦ ᠲᠤᠮᠳᠠ᠂ | ᠱᠠᠩᠬᠠᠢ᠂ ᠵᠢᠶᠠᠩᠰᠦ᠂ ᠵᠧᠵᠢᠶᠠᠩ ᠵᠡᠷᠭᠡ ᠭᠠᠵᠠᠷ ᠤᠷᠤᠨ ᠤ ᠨᠡᠯᠢᠶᠡᠳ ᠭᠡᠳᠦᠨ ᠠᠵᠦ ᠠᠬᠤᠢᠢᠯᠠᠯ ᠲᠤᠤ ᠪᠤᠤ | ᠰᠦᠯᠵᠢᠶᠠᠨ ᠲᠡᠭᠡᠷ᠎ᠠ ᠰᠢᠯᠢ ᠶᠢᠨ ᠭᠤᠤᠯ ᠤᠨ ᠬᠤᠨᠢᠨ ᠮᠢᠬ᠎ᠠ ᠭᠡᠰᠡᠨ ᠨᠡᠷ᠎ᠡ ᠪᠠᠷ ᠪᠤᠰᠤᠳ ᠭᠠᠵᠠᠷ ᠤᠷᠤᠨ ᠤ ᠬᠤᠨᠢᠨ | ᠮᠢᠬ᠎ᠠ ᠶᠢ ᠪᠤᠷᠤᠯᠠᠭᠤᠯᠵᠦ ᠪᠠᠶᠢᠬᠤ ᠦᠵᠡᠭᠳᠡᠯ ᠢ ᠢᠯᠡᠷᠡᠬᠦᠯᠪᠡ᠃ ᠡᠭᠦᠨ ᠤ ᠲᠤᠬᠠᠢ ᠲᠤᠰ ᠺᠤᠮᠫᠠᠨᠢ ᠶᠢᠨ | ᠬᠠᠷᠢᠭᠤᠴᠠᠯᠭᠠᠳᠠᠨ᠄ ︽ᠺᠤᠮᠫᠠᠨᠢ ᠪᠠᠶᠢᠭᠤᠯᠤᠭᠳᠠᠭᠰᠠᠨ ᠠᠴᠠ ᠨᠠᠰᠢ ᠪᠢᠳᠡ ᠰᠢᠯᠢ ᠶᠢᠨ ᠭᠤᠤᠯ ᠤᠨ ᠬᠤᠨᠢᠨ ᠮᠢᠬᠠᠨ ᠤ | ᠪᠤᠷᠤᠯᠠᠭᠤᠯᠭ᠎ᠠ ᠵᠢᠴᠢ ᠭᠡᠷᠡᠭᠯᠡᠭᠴᠢᠳ ᠤᠨ ᠰᠠᠨᠠᠯ ᠲᠤᠰᠬᠠᠯ ᠢ ᠠᠩᠬᠠᠷᠤᠭᠰᠠᠭᠠᠷ ᠢᠷᠡᠭᠰᠡᠨ ᠶᠤᠮ᠃ 10 ᠳ᠋ᠤᠭᠠᠷ | ᠰᠠᠷ᠎ᠠ ᠶᠢᠨ ᠡᠬᠢ ᠪᠠᠷ ᠪᠢᠳᠡ ᠲᠤᠤ ᠪᠤᠤ ᠰᠦᠯᠵᠢᠶᠡᠨ ᠲᠡᠭᠡᠷ᠎ᠠ ᠨᠢᠭᠡ ᠪᠦᠯᠦᠭ ᠲᠡᠯᠭᠡᠭᠦᠷ ᠪᠤᠰᠤᠳ ᠭᠠᠵᠠᠷ ᠤᠨ | ᠬᠤᠨᠢᠨ ᠮᠢᠬᠠᠨ ᠲᠡᠭᠡᠷ᠎ᠠ ᠰᠢᠯᠢ ᠶᠢᠨ ᠭᠤᠤᠯ ᠤᠨ ᠬᠤᠨᠢᠨ ᠮᠢᠬ᠎ᠠ ᠭᠡᠰᠡᠨ ᠲᠡᠮᠳᠡᠭ ᠬᠠᠳᠠᠴᠢᠬᠠᠭᠠᠳ ᠬᠠᠭᠤᠷᠮᠠᠭᠯᠠᠨ | ᠪᠤᠷᠤᠯᠠᠭᠤᠯᠵᠦ ᠪᠠᠶᠢᠭᠰᠠᠨ ᠢ ᠮᠡᠳᠡᠭᠡᠳ ᠬᠠᠮᠢᠶ᠎ᠠ ᠪᠦᠭᠦᠢ ᠰᠠᠯᠠᠭ᠎ᠠ ᠮᠦᠴᠢᠷ ᠲᠤ ᠮᠡᠳᠡᠭᠦᠯᠦᠯᠠ︾ ᠭᠡᠵᠦ | ᠰᠤᠷᠪᠤᠯᠵᠢᠯᠠᠭᠴᠢ ᠳᠤ ᠶᠠᠷᠢᠨ᠎ᠠ᠃ | ᠮᠠᠨ ᠤ ᠠᠶᠢᠮᠠᠭ ᠪᠤᠯ ᠪᠦᠭᠦ ᠤᠯᠤᠰ ᠤᠨ ᠬᠤᠨᠢᠨ ᠮᠢᠬ᠎ᠠ ᠦᠢᠯᠡᠳᠪᠦᠷᠢᠯᠡᠭᠦ ᠴᠢᠬᠤᠯᠠ ᠰᠠᠭᠤᠷᠢᠨ ᠭᠠᠵᠠᠷ | ᠪᠠᠶᠢᠵᠦ᠂ 2015 ᠤᠨ ᠤ 12 ᠳ᠋ᠤᠭᠠᠷ ᠰᠠᠷ᠎ᠠ ᠳᠤ ᠤᠯᠤᠰ ᠤᠨ ᠦᠢᠯᠡᠳᠪᠦᠷᠢ ᠬᠤᠳᠠᠯᠳᠤᠭᠠᠨ ᠤ ᠶᠡᠷᠦᠩᠭᠡᠢ | ᠲᠤᠪᠴᠢᠶ᠎ᠠ ᠶᠢᠨ ᠲᠠᠸᠠᠷ ᠤᠨ ᠲᠠᠮᠳᠡᠭ ᠤᠨ ᠲᠤᠪᠴᠢᠶ᠎ᠠ ᠠᠴᠠ ︽ᠰᠢᠯᠢ ᠶᠢᠨ ᠭᠤᠤᠯ ᠤᠨ ᠬᠤᠨᠢᠨ ᠮᠢᠬ᠎ᠠ︾ ᠶᠢ | ᠵᠢᠩᠭᠢᠨᠢ ᠪᠠᠷ ᠭᠠᠵᠠᠷ ᠵᠦᠢ ᠶᠢᠨ ᠢᠯᠡᠳᠭᠡᠮᠵᠢᠳᠦ ᠨᠡᠷᠡᠳᠦ ᠲᠠᠸᠠᠷ ᠤᠨ ᠲᠠᠮᠳᠡᠭ ᠢᠶᠠᠷ ᠵᠦᠪᠰᠢᠶᠡᠷᠡᠭᠰᠡᠨ ᠶᠤᠮ᠃ | ᠤᠯᠤᠰ ᠤᠨ ᠲᠤᠳᠤᠭᠠᠳᠦ ᠶᠢᠨ ᠭᠡᠰᠡᠭ ᠠᠵᠦ ᠠᠬᠤᠢᠢᠯᠠᠯ ᠪᠤᠯᠤᠨ ᠬᠤᠪᠢ ᠭᠦᠮᠦᠨ ︽ᠰᠢᠯᠢ ᠶᠢᠨ ᠭᠤᠤᠯ ᠤᠨ | ᠬᠤᠨᠢᠨ ᠮᠢᠬ᠎ᠠ︾ ᠶᠢᠨ ᠤᠯᠤᠰ ᠤᠨ ᠲᠤᠳᠤᠭᠠᠳᠦ ᠭᠠᠳᠠᠭᠠᠳᠦ ᠶᠢᠨ ᠵᠠᠬ᠎ᠠ ᠲᠡᠯᠭᠡᠭᠦᠷ ᠲᠠᠬᠢ ᠨᠡᠷ᠎ᠠ ᠠᠯᠳᠠᠷᠰᠢᠯ ᠪᠤᠯᠤᠨ | ᠠᠷᠠᠯᠵᠢᠶᠠᠨ ᠤ ᠠᠵᠠ ᠲᠤᠬᠢᠶᠠᠯ ᠢ ᠠᠰᠢᠭᠯᠠᠨ ᠪᠤᠰᠤᠳ ᠭᠠᠵᠠᠷ ᠤᠨ ᠬᠤᠨᠢᠨ ᠮᠢᠬ᠎ᠠ ᠪᠠᠷ ᠰᠢᠯᠢ ᠶᠢᠨ ᠭᠤᠤᠯ ᠤᠨ | ᠬᠤᠨᠢᠨ ᠮᠢᠬ᠎ᠠ ᠶᠢ ᠤᠷᠤᠯᠠᠭᠤᠯᠵᠦ ᠬᠠᠭᠤᠷᠮᠠᠭᠯᠠᠨ ᠪᠤᠷᠤᠯᠠᠭᠤᠯᠤᠭᠰᠠᠨ ᠨᠢ ︽ᠰᠢᠯᠢ ᠶᠢᠨ ᠭᠤᠤᠯ ᠤᠨ ᠬᠤᠨᠢᠨ ᠮᠢᠬ᠎ᠠ | ︾ ᠶᠢᠨ ᠭᠠᠵᠠᠷ ᠤᠷᠤᠨ ᠤ ᠢᠯᠡᠳᠬᠡᠮᠵᠢᠳᠦ ᠨᠡᠷᠡᠳᠦ ᠲᠠᠸᠠᠷ ᠤᠨ ᠲᠡᠮᠳᠡᠭ ᠤᠨ ᠦᠨ᠎ᠠ ᠦᠷᠳᠡᠭ ᠢ ᠭᠦᠨᠳᠦ ᠨᠤᠴᠢᠳᠠᠢ | ᠪᠠᠭᠤᠷᠠᠭᠤᠯᠤᠭᠰᠠᠨ ᠪᠦᠭᠡᠳ ᠰᠢᠯᠢ ᠶᠢᠨ ᠭᠤᠤᠯ ᠤᠨ ᠬᠤᠨᠢᠨ ᠮᠢᠬᠠᠨ ᠤ ᠨᠡᠷ᠎ᠠ ᠭᠦᠨᠳᠦ ᠶᠢ ᠨᠦᠯᠦᠭᠡᠯᠡᠵᠦ᠂ | ᠰᠢᠯᠢ ᠶᠢᠨ ᠭᠤᠤᠯ ᠤᠨ ᠬᠤᠨᠢᠨ ᠮᠢᠬᠠᠨ ᠤ ᠵᠠᠬ᠎ᠠ ᠲᠡᠯᠭᠡᠭᠦᠷ ᠤᠨ ᠦᠷᠢᠰᠦᠯᠳᠦᠭᠡᠨ ᠲᠤᠮᠳᠠᠭᠢ ᠶᠠᠰᠦ ᠴᠢᠨᠠᠷ᠂ ᠦᠨ᠎ᠠ | ᠬᠠᠨᠭ᠍ᠰᠢ ᠶᠢᠨ ᠲᠠᠪᠠᠭᠤᠯᠢᠭ ᠢ ᠰᠢᠭᠤᠳ ᠪᠤᠶᠤ ᠲᠠᠮ ᠢᠶᠠᠷ ᠨᠦᠯᠦᠭᠡᠯᠡᠪᠡ᠃ ᠡᠨᠡᠭᠦ ᠪᠠᠶᠢᠳᠠᠯ ᠳᠤ᠂ ᠠᠶᠢᠮᠠᠭ ᠤᠨ | ᠦᠢᠯᠡᠳᠪᠦᠷᠢ ᠬᠤᠳᠠᠯᠳᠤᠭᠠᠨ ᠤ ᠬᠠᠮᠢᠶᠠᠷᠤᠯᠳᠠ ᠶᠢᠨ ᠲᠤᠪᠴᠢᠶ᠎ᠠ ᠲᠡᠭᠡᠳᠦ ᠭᠡᠮᠵᠢᠶ᠎ᠠ ᠪᠠᠷ ᠴᠢᠬᠤᠯᠠᠴᠢᠯᠠᠵᠦ᠂ ᠬᠠᠮᠢᠶ᠎ᠠ | ᠪᠦᠭᠦᠢ ᠮᠠᠲ᠋ᠧᠷᠢᠶᠠᠯ ᠢ ᠨᠠᠷᠢᠨ ᠬᠢᠨᠠᠮᠠᠭᠠᠢ ᠵᠠᠳᠠᠯᠵᠦ᠂ ᠭᠡᠷᠡᠭ ᠤᠴᠢᠷ ᠦᠨᠡᠨ ᠪᠤᠳᠠᠳᠠᠢ ᠭᠡᠳᠡᠭ ᠢ ᠨᠤᠳᠠᠯᠠᠭᠰᠠᠨ ᠤ | ᠲᠠᠷᠠᠭ᠎ᠠ᠂ ᠤᠯᠠᠨ ᠵᠦᠢᠯ ᠤᠨ ᠠᠷᠭ᠎ᠠ ᠭᠡᠮᠵᠢᠶ᠎ᠠ ᠠᠪᠴᠦ᠂ ᠬᠠᠭᠤᠷᠮᠠᠭ ᠪᠦᠳᠦᠭᠡᠭᠳᠡᠬᠦᠨ ᠪᠤᠷᠤᠯᠠᠭᠤᠯᠵᠦ ᠪᠠᠶᠢᠭ᠎ᠠ | ᠠᠵᠢᠯᠯᠠᠭ᠎ᠠ ᠳᠤ ᠴᠤᠬᠢᠯᠳᠠ ᠦᠭᠭᠦᠭᠰᠡᠨ ᠤ ᠬᠠᠮᠳᠦ ᠬᠤᠷᠢᠬᠯᠠᠵᠠᠢ᠃ ᠲᠤᠰ ᠲᠤᠪᠴᠢᠶ᠎ᠠ ᠶᠢᠨ ᠲᠤᠤᠷ ᠰᠦᠯᠵᠢᠶᠡᠨ ᠤ | ᠬᠢᠨᠠᠯᠳᠠ ᠲᠠᠯᠪᠢᠬᠤ ᠰᠠᠯᠠᠭᠠᠨ ᠤ ᠲᠠᠷᠤᠭ᠎ᠠ ᠯᠢ ᠴᠢᠦᠸᠠᠨ ᠰᠦᠸᠧ ᠰᠤᠷᠪᠤᠯᠵᠢᠯᠠᠭᠴᠢ ᠳᠤ᠄ ︽ᠮᠠᠨ ᠤ ᠰᠠᠯᠠᠭ᠎ᠠ | ᠭᠤᠤᠯᠳᠠᠭᠤ ᠡᠯᠧᠺᠲᠷᠦᠨ ᠬᠤᠳᠠᠯᠳᠤᠭᠠᠨ ᠤ ᠲᠠᠪᠴᠠᠩ ᠪᠤᠯᠤᠨ ᠲᠤᠤᠷ ᠰᠦᠯᠵᠢᠶᠡᠨ ᠤ ᠵᠠᠬ᠎ᠠ ᠲᠡᠯᠭᠡᠭᠦᠷ ᠲᠤ | ᠬᠢᠨᠠᠯᠳᠠ ᠲᠠᠯᠪᠢᠬᠤ ᠪᠠ ᠬᠠᠮᠢᠶᠠᠷᠴᠦ ᠪᠤᠢ᠂ ᠰᠢᠯᠢ ᠶᠢᠨ ᠭᠤᠤᠯ ᠤᠨ ᠨᠡᠷᠡᠳᠤ ᠳᠡᠮᠳᠡᠭ ᠢ ᠬᠠᠤᠯᠢ ᠪᠤᠰᠤ ᠪᠠᠷ | ᠠᠰᠢᠭᠯᠠᠨ ᠤᠯᠵᠠ ᠠᠰᠢᠭ ᠬᠦᠬᠡᠬᠡᠴᠡᠯᠳᠦᠭᠰᠡᠨ ᠠᠵᠢᠯᠯᠠᠭ᠎ᠠ ᠨᠢ ᠮᠠᠨ ᠤ ᠮᠠᠯᠴᠢᠨ ᠲᠦᠮᠡᠨ ᠤ ᠠᠰᠢᠭ ᠲᠤᠰᠠ ᠳᠤ | ᠬᠤᠯᠪᠤᠭᠳᠠᠬᠤ ᠤᠴᠢᠷ ᠠᠴᠠ ᠪᠢᠳᠡ ᠦᠪᠡᠷᠳᠡᠭᠡᠨ ᠵᠠᠰᠠᠬᠤ ᠤᠷᠤᠨ ᠤ ᠦᠢᠯᠡᠳᠪᠦᠷᠢ ᠬᠤᠳᠠᠯᠳᠤᠭᠠᠨ ᠤ ᠲᠤᠪᠴᠢᠶ᠎ᠠ᠂ | ᠬᠠᠭᠤᠷᠮᠠᠭᠯᠠᠨ ᠦᠢᠯᠡᠳᠪᠦᠷᠢᠯᠡᠵᠦ ᠪᠠᠶᠢᠭ᠎ᠠ ᠠᠵᠦ ᠠᠬᠤᠢᠢᠯᠠᠯ ᠤᠨ ᠬᠠᠷᠢᠶᠠᠯᠠᠬᠳᠠᠬᠤ ᠤᠷᠤᠨ ᠤ ᠦᠢᠯᠡᠳᠪᠦᠷᠢ | ᠬᠤᠳᠠᠯᠳᠤᠭᠠᠨ ᠤ ᠲᠤᠪᠴᠢᠶ᠎ᠠ᠂ ᠲᠤᠤ ᠪᠤᠤ ᠰᠦᠯᠵᠢᠶ᠎ᠠ ᠵᠡᠷᠭᠡ ᠬᠤᠯᠪᠤᠭᠳᠠᠯ ᠪᠦᠬᠦᠢ ᠳᠠᠯ᠎ᠡ ᠳᠤ ᠪᠠᠶᠢᠳᠠᠯ ᠢ | ᠲᠤᠰᠬᠠᠵᠦ᠂ ᠲᠤᠰ ᠠᠵᠢᠯᠯᠠᠭ᠎ᠠ ᠶᠢ ᠪᠦᠳᠦᠮᠵᠢᠳᠠᠢ ᠬᠤᠷᠢᠬᠯᠠᠪᠠ᠃ ᠤᠳᠤᠬᠠᠨ᠂ ᠰᠢᠯᠢ ᠶᠢᠨ ᠭᠤᠤᠯ ᠤᠨ ᠬᠤᠨᠢᠨ | ᠮᠢᠬ᠎ᠠ ᠭᠡᠵᠦ ᠬᠠᠭᠤᠷᠮᠠᠭᠯᠠᠨ ᠪᠤᠷᠤᠯᠠᠭᠤᠯᠵᠦ ᠪᠠᠶᠢᠭ᠎ᠠ ᠠᠵᠦ ᠠᠬᠤᠢᠢᠯᠠᠯ ᠤᠳ ᠰᠦᠯᠵᠢᠶᠡᠨ ᠤ ᠤᠬᠠᠭᠤᠯᠭ᠎ᠠ | ᠲᠡᠭᠡᠷ᠎ᠠ ᠪᠠᠨ ᠰᠢᠯᠢ ᠶᠢᠨ ᠭᠤᠤᠯ ᠤᠨ ᠬᠤᠨᠢᠨ ᠮᠢᠬ᠎ᠠ ᠭᠡᠵᠦ ᠲᠤᠳᠤᠷᠬᠠᠢᠢᠯᠠᠬᠤ ᠪᠠᠨ ᠪᠤᠯᠢᠭᠰᠠᠨ ᠶᠤᠮ︾ ᠭᠡᠵᠦ | ᠶᠠᠷᠢᠪᠠ᠃ | ᠤᠢᠢᠯᠠᠭᠠᠭᠰᠠᠨ ᠢᠶᠠᠷ᠂ ᠪᠠᠶᠢᠴᠠᠭᠠᠨ ᠴᠡᠭᠴᠡᠯᠡᠯᠳᠡ ᠪᠠᠷ ᠲᠠᠮᠵᠢᠨ ᠰᠢᠯᠢ ᠶᠢᠨ ᠭᠤᠤᠯ ᠤᠨ ᠬᠤᠨᠢᠨ ᠮᠢᠬ᠎ᠠ ᠭᠡᠰᠡᠨ | ᠨᠡᠷ᠎ᠠ ᠪᠠᠷ ᠪᠤᠰᠤᠳ ᠭᠠᠵᠠᠷ ᠤᠷᠤᠨ ᠤ ᠬᠤᠨᠢᠨ ᠮᠢᠬ᠎ᠠ ᠶᠢ ᠪᠤᠷᠤᠯᠠᠭᠤᠯᠵᠦ ᠪᠠᠶᠢᠭᠰᠠᠨ 4 ᠲᠤᠯᠤᠭᠠᠢᠢᠯᠠᠭᠴᠢ | ᠲᠡᠯᠭᠡᠭᠦᠷ ᠤᠨ ᠪᠤᠷᠤᠯᠠᠭᠤᠯᠭ᠎ᠠ ᠮᠡᠳᠡᠭᠳᠡᠮ᠎ᠠ ᠲᠤᠷᠤᠭᠰᠢᠯᠠᠪᠠ᠃ ︽ᠲᠤᠤ ᠪᠤᠤ ᠰᠦᠯᠵᠢᠶᠡᠨ ᠲᠡᠭᠡᠷᠡᠭᠢ ᠰᠢᠯᠢ ᠶᠢᠨ | ᠭᠤᠤᠯ ᠠᠶᠢᠮᠠᠭ ᠤᠨ ᠭᠡᠳᠦᠨ ᠠᠵᠦ ᠠᠬᠤᠢᠢᠯᠠᠯ ᠤᠨ ᠬᠠᠷᠢᠭᠤ ᠲᠤᠰᠬᠠᠭᠰᠠᠨ ᠢᠶᠠᠷ᠂ ᠲᠡᠳᠡᠨ ᠤ ᠪᠤᠷᠤᠯᠠᠭᠤᠯᠭ᠎ᠠ | ᠨᠡᠶᠢᠳᠡᠮ ᠳᠡᠭᠡᠨ 50% ᠠᠴᠠ ᠲᠡᠭᠡᠭᠰᠢ ᠨᠡᠮᠡᠭᠳᠡᠵᠦ᠂ ᠭᠡᠷᠡᠭᠯᠡᠭᠴᠢᠳ ᠤᠨ ᠲᠤᠭ᠎ᠠ 30% ᠠᠴᠠ ᠲᠡᠭᠡᠭᠰᠢ | ᠨᠡᠮᠡᠭᠳᠡᠵᠠᠢ︾ ᠭᠡᠵᠦ ᠰᠢ ᠰᠢᠶᠠᠨ ᠱᠸᠡᠭ ᠡᠯᠧᠺᠲᠷᠦᠨ ᠬᠤᠳᠠᠯᠳᠤᠭᠠᠨ ᠤ ᠬᠢᠵᠠᠭᠠᠷᠳᠦ ᠺᠤᠮᠫᠠᠨᠢ ᠶᠢᠨ | ᠬᠠᠷᠢᠭᠤᠴᠠᠯᠭᠠᠳᠠᠨ ᠰᠤᠷᠪᠤᠯᠵᠢᠯᠠᠭᠴᠢ ᠳᠤ ᠰᠡᠳᠬᠢᠯ ᠬᠠᠨᠤᠮᠵᠢᠳᠠᠢ ᠶᠠᠷᠢᠨ᠎ᠠ᠃ |