ᠯᠥᠸᠧ ᠬᠤ᠋ ᠽᠠᠢ ᠠᠶᠢᠮᠠᠭ ᠤᠨ ᠨᠠᠮ ᠤᠨ ᠬᠤᠷᠢᠶᠠᠨ ᠤ 2016 ᠤᠨ ᠤ 26 ᠳ᠋ᠤᠭᠠᠷ ᠤᠲᠠᠭᠠᠨ ᠤ ᠬᠡᠰᠢᠬᠦᠳ ᠤᠨ ᠬᠤᠷᠠᠯ ᠢ ᠡᠷᠬᠢᠯᠡᠨ ᠬᠤᠷᠠᠯᠳᠤᠭᠤᠯᠪᠠ
ᠨᠡᠶᠢᠲᠡᠯᠡᠭᠰᠡᠨ ᠴᠠᠭ᠄
2016/12/1
    11 ᠳ᠋ᠤᠭᠡᠷ ᠰᠠᠷ᠎ᠠ ᠶᠢᠨ 28 ᠤ ᠡᠲᠥᠷ᠂ ᠠᠶᠢᠮᠠᠭ ᠤᠨ ᠨᠠᠮ ᠤᠨ ᠬᠤᠷᠢᠶᠠᠨ ᠤ ᠱᠥᠵᠢ ᠯᠥᠸᠧ ᠬᠤ᠋ ᠽᠠᠢ ᠠᠶᠢᠮᠠᠭ ᠤᠨ ᠨᠠᠮ ᠤᠨ ᠬᠤᠷᠢᠶᠠᠨ ᠤ 2016 ᠤᠨ ᠤ 26 ᠳ᠋ᠤᠭᠠᠷ ᠤᠲᠠᠭᠠᠨ ᠤ ᠬᠡᠰᠢᠬᠦᠳ ᠤᠨ ᠬᠤᠷᠠᠯ ᠢ ᠡᠷᠬᠢᠯᠡᠨ ᠬᠤᠷᠠᠯᠲᠤᠭᠤᠯᠵᠥ᠂ ᠥᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠶᠢᠰᠥᠲᠥᠭᠡᠷ ᠬᠤᠭᠤᠴᠠᠭᠠᠨ ᠤ ᠬᠤᠷᠢᠶ᠎ᠠ ᠶᠢᠨ ᠠᠷᠪᠠ ᠶᠢᠰᠥᠲᠥᠭᠡᠷ ᠤᠲᠠᠭ᠎ᠠ ᠶᠢᠨ ᠪᠥᠬᠦᠲᠠ ᠬᠤᠷᠠᠯ᠂ ᠥᠪᠡᠷᠲᠡᠭᠡᠨ ᠵᠠᠰᠠᠬᠤ ᠤᠷᠤᠨ ᠤ ᠠᠷᠪᠠᠲᠤᠭᠠᠷ ᠤᠲᠠᠭᠠᠨ ᠤ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ᠂ ᠥᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠠ ᠤ ᠠᠷᠪᠠᠲᠤᠭᠠᠷ ᠬᠤᠭᠤᠴᠠᠭᠠᠨ ᠤ ᠬᠤᠷᠢᠶ᠎ᠠ ᠶᠢᠨ ᠠᠩᠬᠠᠲᠤᠭᠠᠷ ᠪᠥᠬᠦᠲᠠ ᠬᠤᠷᠠᠯ ᠪᠤᠯᠤᠨ ᠥᠪᠡᠷᠲᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠪᠠᠶᠢᠡᠭᠭᠤ ᠶᠢᠨ ᠬᠡᠰᠢᠬᠦᠳ ᠤᠨ ᠬᠤᠷᠠᠯ ᠤᠨ ᠵᠤᠷᠢᠭ ᠰᠠᠨᠠᠭ᠎ᠠ ᠶᠢ ᠤᠯᠠᠮᠵᠢᠯᠠᠨ ᠰᠤᠷᠤᠯᠴᠠᠪᠠ᠃     ᠠᠶᠢᠮᠠᠭ ᠤᠨ ᠨᠠᠮ ᠤᠨ ᠬᠤᠷᠢᠶᠠᠨ ᠤ ᠬᠡᠰᠢᠬᠦᠨ ᠹᠥ᠋ ᠸᠠᠨ ᠬᠤᠢ᠂ ᠡᠥ ᠬᠥᠸᠧ ᠳ᠋ᠥᠡᠭ᠂ ᠲᠠᠶᠢᠴᠢᠨ᠂ ᠶᠤᠤ ᠶᠥᠡᠭ ᠪᠥᠸᠧ᠂ ᠸᠠᠩ ᠶᠥᠡᠭ ᠮᠢᠩ᠂ ᠮᠠ ᠹᠸᠡᠭ᠂ ᠵᠸᠡᠭ ᠵᠢᠶᠠᠨ ᠬᠤᠨᠭ᠌ ᠬᠤᠷᠠᠯ ᠳᠤ ᠤᠷᠤᠯᠴᠠᠪᠠ᠃ ᠠᠶᠢᠮᠠᠭ ᠤᠨ ᠤᠲᠤᠷᠢᠲᠤᠯᠭ᠎ᠠ ᠵᠸᠥ ᠹᠸᠡᠭ ᠵᠧᠨ᠂ ᠴᠡᠴᠡᠭ᠂ ᠰᠢᠤᠢ ᠵᠥᠸᠧ᠂ ᠸᠠᠩ ᠷᠥᠢ ᠬᠤᠷᠠᠯ ᠳᠤ ᠰᠤᠯᠠ ᠤᠷᠤᠯᠴᠠᠵᠠᠢ᠃     ᠬᠤᠷᠠᠯ ᠠᠴᠠ ᠴᠢᠬᠤᠯᠠᠴᠢᠯᠠᠬᠤ ᠳᠠᠭᠠᠨ᠂ ᠪᠥᠬᠦ ᠠᠶᠢᠮᠠᠭ ᠤᠨ ᠡᠯ᠎ᠠ ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ ᠪᠤᠯᠤᠨ ᠥᠷᠭᠡᠨ ᠤᠯᠠᠨ ᠨᠠᠮ ᠤᠨ ᠬᠡᠰᠢᠬᠦᠨ ᠶᠡᠭᠡ ᠬᠤᠷᠠᠯ ᠤᠨ ᠭᠤᠤᠯ ᠰᠡᠲᠤᠪ ᠢ ᠬᠥᠨᠵᠡᠭᠡᠢ ᠤᠢᠢᠯᠠᠭᠠᠵᠥ᠂ ᠭᠤᠤᠯᠯᠠᠭᠴᠢ ᠤᠬᠠᠮᠰᠠᠷ ᠪᠤᠯᠤᠨ ᠨᠢᠭᠡᠲᠥᠯᠲᠡᠢ ᠪᠠᠶᠢᠬᠤ ᠤᠬᠠᠮᠰᠠᠷ ᠢᠶᠠᠨ ᠤᠯᠠᠮ ᠨᠢᠭᠡ ᠠᠯᠬᠤᠮ ᠴᠢᠩᠭᠠᠳᠬᠠᠵᠥ᠂ ᠶᠡᠷᠥᠩᠭᠡᠢ ᠱᠥᠵᠢ ᠰᠢ ᠶᠢᠨ ᠫᠢᠡᠭ ᠢᠶᠠᠷ ᠭᠤᠤᠯᠯᠠᠭᠴᠢ ᠪᠤᠯᠭᠠᠭᠰᠠᠨ ᠨᠠᠮ ᠤᠨ ᠲᠥᠪ ᠬᠤᠷᠢᠶ᠎ᠠ ᠲᠠᠢ ᠤᠬᠠᠮᠰᠠᠷ ᠠᠴᠠ ᠪᠠᠨ ᠲᠡᠭᠡᠲᠥ ᠬᠡᠮᠵᠢᠶ᠎ᠠ ᠪᠠᠷ ᠨᠢᠭᠡᠲᠥᠯᠲᠡᠢ ᠪᠠᠶᠢᠬᠤ ᠬᠡᠷᠡᠭᠲᠡᠢ᠃ ᠥᠡᠭᠭᠡᠷᠡᠭᠰᠡᠨ ᠲᠠᠪᠤᠨ ᠵᠢᠯ ᠤᠨ ᠮᠠᠨ ᠤ ᠤᠷᠤᠨ ᠤ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠯᠤᠲᠤ ᠶᠡᠭᠡ ᠥᠷ᠎ᠠ ᠪᠥᠲᠥᠮᠵᠢ ᠶᠢ ᠬᠥᠨᠵᠡᠭᠡᠢ ᠤᠢᠢᠯᠠᠭᠠᠵᠥ᠂ ᠬᠥᠭᠵᠢᠯᠲᠡ ᠶᠢᠨ ᠢᠲᠡᠭᠡᠯ ᠢᠶᠠᠨ ᠤᠯᠠᠮ ᠪᠠᠳᠤᠳᠬᠠᠵᠦ᠂ ᠲᠤᠯᠭᠠᠷᠠᠵᠥ ᠪᠠᠶᠢᠭ᠎ᠠ ᠪᠠᠶᠢᠲᠠᠯ ᠢ ᠬᠥᠨᠵᠡᠭᠡᠢ ᠤᠢᠢᠯᠠᠭᠠᠵᠥ᠂ ᠬᠠᠷᠢᠭᠤᠴᠠᠯᠭᠠᠲᠤ ᠤᠬᠠᠮᠰᠠᠷ ᠢᠶᠠᠨ ᠤᠯᠠᠮ ᠴᠢᠩᠭᠠᠳᠬᠠᠬᠤ ᠬᠡᠷᠡᠭᠲᠡᠢ᠃ ᠡᠯ᠎ᠠ ᠭᠠᠵᠠᠷ ᠡᠯ᠎ᠠ ᠰᠠᠯᠠᠭ᠎ᠠ ᠮᠥᠴᠢᠷ ᠥᠪᠡᠷᠲᠡᠭᠡᠨ ᠵᠠᠰᠠᠬᠤ ᠤᠷᠤᠨ ᠤ ᠠᠷᠪᠠᠲᠤᠭᠠᠷ ᠤᠲᠠᠭᠠᠨ ᠤ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ ᠠᠴᠠ ᠲᠤᠷᠠᠲᠤᠭᠰᠠᠨ ᠰᠢᠨ᠎ᠠ ᠱᠠᠭᠠᠷᠲᠠᠯᠭ᠎ᠠ ᠰᠢᠨ᠎ᠠ ᠡᠬᠦᠷᠭᠡ ᠰᠢᠨ᠎ᠠ ᠠᠷᠭ᠎ᠠ ᠬᠡᠮᠵᠢᠶ᠎ᠠ ᠶᠢ ᠵᠥᠪ ᠤᠨᠤᠪᠴᠢᠲᠠᠢ ᠡᠵᠡᠮᠰᠢᠵᠥ᠂ ᠬᠤᠷᠠᠯ ᠤᠨ ᠵᠤᠷᠢᠭ ᠰᠠᠨᠠᠭ᠎ᠠ ᠪᠠᠷ ᠥᠢᠯᠡᠲᠥᠯᠭᠡ ᠪᠠᠨ ᠵᠢᠯᠤᠭᠤᠲᠤᠭᠤᠯᠵᠥ᠂ ᠠᠵᠢᠯ ᠢᠶᠠᠨ ᠠᠬᠢᠭᠤᠯᠬᠤ ᠬᠡᠷᠡᠭᠲᠡᠢ᠃ ᠡᠯ᠎ᠠ ᠱᠠᠲᠤᠨ ᠤ ᠨᠠᠮ ᠤᠨ ᠵᠤᠬᠢᠶᠠᠨ ᠪᠠᠶᠢᠭᠤᠯᠤᠯᠲᠠ ᠥᠷᠭᠡᠨ ᠤᠯᠠᠨ ᠨᠠᠮ ᠤᠨ ᠬᠡᠰᠢᠬᠦᠳ ᠢᠶᠠᠨ ᠵᠤᠬᠢᠶᠠᠨ ᠪᠠᠶᠢᠭᠤᠯᠤᠨ ᠬᠤᠷᠠᠯ ᠤᠨ ᠵᠤᠷᠢᠭ ᠰᠠᠨᠠᠭ᠎ᠠ ᠶᠢ ᠨᠠᠷᠢᠨ ᠬᠢᠨᠠᠮᠠᠭᠠᠢ ᠰᠤᠷᠤᠯᠴᠠᠬᠤ ᠬᠡᠷᠡᠭᠲᠡᠢ᠃ ᠥᠪᠡᠷᠲᠡᠭᠡᠨ ᠵᠠᠰᠠᠬᠤ ᠤᠷᠤᠨ ᠤ ᠠᠷᠪᠠᠲᠤᠭᠠᠷ ᠤᠲᠠᠭᠠᠨ ᠤ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠵᠤᠷᠢᠭ ᠰᠠᠨᠠᠭ᠎ᠠ ᠶᠢ ᠲᠤᠤᠱᠯᠠᠭᠤᠯᠤᠨ ᠨᠠᠶᠢᠲᠠᠪᠤᠷᠢᠵᠢᠭᠤᠯᠬᠤ ᠶᠢ ᠡᠨᠡ ᠵᠢᠯ ᠤᠨ ᠡᠬᠦᠷᠭᠡ ᠶᠢ ᠪᠡᠶᠡᠯᠡᠬᠦᠯᠬᠦ ᠪᠤᠯᠤᠨ ᠢᠷᠡᠬᠦ ᠵᠢᠯ ᠤᠨ ᠠᠵᠢᠯ ᠢᠶᠠᠨ ᠲᠥᠯᠥᠪᠵᠢᠬᠦᠯᠬᠦ ᠲᠠᠢ ᠤᠶᠠᠯᠲᠤᠭᠤᠯᠵᠥ᠂ ᠠᠵᠤ ᠠᠬᠤᠢ ᠶᠢᠨ ᠬᠥᠭᠵᠢᠯᠲᠡ᠂ ᠥᠭᠡᠷᠡᠴᠢᠯᠡᠯᠲᠡ ᠨᠡᠭᠡᠭᠡᠯᠲᠡ᠂ ᠠᠷᠠᠳ ᠤᠨ ᠠᠮᠢᠲᠤᠷᠠᠯ ᠤᠨ ᠪᠠᠲᠤᠯᠠᠭ᠎ᠠ᠂ ᠠᠮᠢ ᠠᠬᠤᠢ ᠶᠢᠨ ᠬᠠᠮᠠᠭᠠᠯᠠᠯᠲᠠ᠂ ᠲᠤᠭᠲᠠᠭᠤᠨ ᠢ ᠪᠠᠲᠤᠯᠠᠬᠤ ᠪᠤᠯᠤᠨ ᠨᠠᠮ ᠤᠨ ᠪᠠᠶᠢᠭᠤᠯᠤᠯᠲᠠ ᠶᠢᠨ ᠡᠯ᠎ᠠ ᠵᠥᠢᠯ ᠤᠨ ᠡᠬᠦᠷᠭᠡ ᠶᠢ ᠨᠢᠭᠡᠲᠥᠯᠲᠡᠢ ᠰᠠᠶᠢᠲᠤᠷ ᠠᠳᠬᠤᠬᠤ ᠬᠡᠷᠡᠭᠲᠡᠢ ᠬᠡᠪᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号