11 ᠳ᠋ᠤᠭᠡᠷ ᠰᠠᠷ᠎ᠠ ᠶᠢᠨ 26 ᠤ ᠡᠳᠥᠷ ᠠᠷᠪᠠᠨ ᠨᠢᠭᠡᠳᠥᠭᠡᠷ ᠬᠤᠭᠤᠴᠠᠭᠠᠨ ᠤ ︽ᠰᠦ᠋ ᠪᠦ᠋ ᠴᠢᠩ ᠤᠨ | ᠲᠤᠭᠠᠨ ᠤ ᠤᠬᠠᠭᠠᠨ ᠤ ᠰᠤᠷᠭᠠᠨ ᠬᠥᠮᠥᠵᠢᠯ ᠤᠨ ᠱᠠᠩᠨᠠᠯ︾ ᠤᠨ ᠱᠠᠩᠨᠠᠯ ᠤᠯᠭᠤᠬᠤ ᠶᠤᠰᠤᠯᠠᠯ ᠵᠧᠵᠢᠶᠠᠩ | ᠮᠤᠵᠢ ᠶᠢᠨ ᠸᠧᠨᠵᠸᠥ ᠬᠤᠳᠠ ᠳᠤ ᠶᠠᠪᠤᠭᠳᠠᠵᠥ᠂ ᠪᠥᠬᠦ ᠤᠯᠤᠰ ᠤᠨ 21 ᠮᠤᠵᠢ᠂ ᠬᠤᠳᠠ᠂ ᠥᠪᠡᠷᠳᠡᠭᠡᠨ ᠵᠠᠰᠠᠬᠤ | ᠤᠷᠤᠨ ᠠᠴᠠ ᠢᠷᠡᠭᠰᠡᠨ 25 ᠪᠠᠭᠰᠢ ᠲᠤᠰ ᠱᠠᠩᠨᠠᠯ ᠢ ᠲᠤᠰᠴᠥ᠂ ᠡᠬᠦᠨ ᠤ ᠲᠤᠳᠤᠷ᠎ᠠ ᠰᠢᠯᠢ ᠶᠢᠨ ᠬᠤᠳᠠ ᠶᠢᠨ | ᠮᠤᠩᠭᠤᠯ ᠲᠤᠮᠳᠠᠳᠥ ᠰᠤᠷᠭᠠᠭᠤᠯᠢ ᠶᠢᠨ ᠪᠠᠭᠰᠢ ᠡ᠊ · ᠭᠡᠷᠡᠯᠳᠥ ᠪᠤᠯ ᠮᠠᠨ ᠤ ᠤᠷᠤᠨ ᠤ ᠴᠤᠷ ᠤᠨ ᠭᠠᠭᠴᠠ ᠱᠠᠩᠨᠠᠯ | ᠭᠠᠷᠳᠠᠭᠴᠢ ᠮᠥᠷᠳᠡᠭᠡᠨ ᠪᠥᠬᠦ ᠤᠯᠤᠰ ᠤᠨ ᠴᠥᠬᠡᠨ ᠲᠤᠭᠠᠳᠥ ᠥᠨᠳᠥᠰᠥᠳᠡᠨ ᠤ ᠴᠤᠷ ᠤᠨ ᠭᠠᠭᠴᠠ ᠱᠠᠩᠨᠠᠯ | ᠲᠤᠰᠤᠭᠰᠠᠨ ᠪᠠᠭᠰᠢ ᠪᠤᠯᠤᠨ᠎ᠠ᠃ | ᠡ᠊ · ᠭᠡᠷᠡᠯᠳᠥ ᠪᠠᠭᠰᠢ 1983 ᠤᠨ ᠳᠤ ᠥᠪᠥᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠠᠴᠠ | ᠲᠡᠬᠦᠰᠴᠥ᠂ ᠤᠷᠢᠳ ᠬᠤᠵᠢᠳ ᠬᠥᠪᠡᠭᠡᠳᠥ ᠰᠢᠷ᠎ᠠ ᠬᠤᠰᠢᠭᠤᠨ ᠤ ᠮᠤᠩᠭᠤᠯ ᠲᠤᠮᠳᠠᠳᠥ ᠰᠤᠷᠭᠠᠭᠤᠯᠢ᠂ ᠰᠢᠯᠢ ᠶᠢᠨ | ᠬᠤᠳᠠ ᠶᠢᠨ ᠮᠤᠩᠭᠤᠯ ᠲᠤᠮᠳᠠᠳᠥ ᠰᠤᠷᠭᠠᠭᠤᠯᠢ ᠳᠤ ᠪᠠᠭᠰᠢᠯᠠᠵᠥ᠂ ᠭᠤᠴᠢ ᠭᠠᠷᠤᠢ ᠵᠢᠯ ᠤᠨ ᠲᠤᠷᠰᠢ | ᠥᠨᠳᠥᠰᠥᠳᠡᠨ ᠤ ᠰᠣᠷᠭᠠᠨ ᠬᠥᠮᠥᠵᠢᠯ ᠤᠨ ᠡᠮᠤᠨ᠎ᠡ ᠹᠷᠤᠨᠲ ᠲᠤ ᠭᠠᠪᠰᠢᠭᠠᠶᠢᠯᠠᠭᠰᠠᠭᠠᠷ ᠢᠷᠡᠵᠡᠢ᠃ ᠡ᠊ · ᠭᠡᠷᠡᠯᠳᠥ | ᠪᠠᠭᠰᠢ ᠮᠤᠩᠭᠤᠯ ᠰᠤᠷᠤᠭᠴᠢ ᠶᠢᠨ ᠤᠨᠴᠠᠯᠢᠭ ᠢ ᠥᠨᠳᠥᠰᠥᠯᠡᠨ᠂ ᠰᠡᠬᠡᠭᠡᠷᠡᠬᠦᠯᠬᠦ ᠬᠡᠯᠪᠡᠷᠢ ᠶᠢᠨ ᠵᠢᠭᠠᠨ | ᠰᠤᠷᠭᠠᠯᠳᠠ ᠶᠢᠨ ᠠᠷᠭ᠎ᠠ ᠪᠠ ᠪᠠᠶᠠᠷ ᠬᠥᠷ ᠲᠠᠢ ᠰᠤᠷᠤᠯᠴᠠᠬᠤ ᠵᠢᠭᠠᠨ ᠰᠤᠷᠭᠠᠯᠳᠠ ᠶᠢᠨ ᠠᠷᠭ᠎ᠠ ᠶᠢ ᠤᠶᠠᠯᠳᠤᠭᠤᠯᠤᠨ | ᠬᠡᠷᠡᠭᠯᠡᠵᠥ᠂ ᠲᠤᠭᠠᠨ ᠤ ᠬᠢᠴᠢᠶᠡᠯ ᠢ ᠠᠮᠢᠳᠤᠯᠢᠭ ᠰᠤᠨᠢᠷᠬᠠᠯᠳᠠᠢ ᠤᠷᠤᠳᠠᠭ ᠠᠴᠠ ᠲᠡᠬᠦᠨ ᠤ ᠵᠢᠭᠠᠭᠰᠠᠨ | ᠰᠤᠷᠤᠭᠴᠢᠳ ᠲᠤᠭᠠᠨ ᠤ ᠰᠢᠯᠭᠠᠯᠳᠠ ᠳᠤ ᠢᠯᠡᠷᠬᠡᠢ ᠰᠠᠶᠢᠨ ᠬᠢᠷᠢ ᠪᠥᠳᠥᠮᠵᠢ ᠤᠯᠵᠥ᠂ ᠨᠡᠯᠢᠶᠡᠳ ᠬᠡᠳᠥᠨ | ᠰᠤᠷᠤᠭᠴᠢ ᠶᠡᠭᠡ ᠲᠡᠭᠡᠳᠥ ᠰᠤᠷᠭᠠᠭᠤᠯᠢ ᠳᠤ ᠲᠡᠪᠰᠢᠬᠦ ᠤᠯᠤᠰ ᠤᠨ ᠨᠢᠭᠡᠳᠥᠯᠳᠠᠢ ᠰᠢᠯᠭᠠᠯᠳᠠ ᠳᠤ ᠲᠤᠭᠠᠨ ᠤ ᠬᠢᠷᠢ | ᠪᠥᠳᠥᠮᠵᠢ ᠪᠠᠷ ᠢᠶᠠᠨ ᠠᠶᠢᠮᠠᠭ ᠲᠠᠭᠠᠨ ᠲᠡᠷᠢᠬᠦᠯᠡᠭᠰᠡᠨ ᠪᠥᠭᠡᠳ ᠤᠨᠴᠠᠭᠠᠶᠢᠯᠠᠨ ᠲᠤᠷᠠᠳᠤᠭᠤᠰᠢᠳᠠᠢ ᠨᠢ ᠲᠡᠬᠦᠨ ᠤ | ᠰᠤᠷᠤᠭᠴᠢ ᠰᠤᠳᠤᠪᠢᠯᠢᠭ᠌ 2003 ᠤᠨ ᠤ ᠤᠯᠤᠰ ᠤᠨ ᠰᠢᠯᠭᠠᠯᠳᠠ ᠳᠤ 132 ᠬᠤᠪᠢ ᠪᠠᠷ ᠪᠥᠬᠦ ᠤᠷᠤᠨ ᠳᠤ | ᠲᠡᠷᠢᠬᠦᠯᠡᠵᠥ ᠥᠩᠭᠡᠷᠡᠵᠡᠢ᠃ ᠡ᠊ · ᠭᠡᠷᠡᠯᠳᠥ ᠪᠠᠭᠰᠢ ᠶᠢᠨ ᠠᠩᠭᠢ ᠠᠴᠠ ᠤᠷᠢᠳ ᠬᠤᠵᠢᠳ 200 ᠭᠠᠷᠤᠢ | ᠰᠤᠷᠤᠭᠴᠢ ᠶᠡᠭᠡ ᠲᠡᠭᠡᠳᠥ ᠰᠤᠷᠭᠠᠭᠤᠯᠢ ᠳᠤ ᠰᠢᠯᠭᠠᠨ ᠤᠷᠤᠭᠰᠠᠨ ᠪᠥᠭᠡᠳ ᠰᠢᠯᠢ ᠶᠢᠨ ᠬᠤᠳᠠ ᠶᠢᠨ ᠮᠤᠩᠭᠤᠯ | ᠲᠤᠮᠳᠠᠳᠥ ᠰᠤᠷᠭᠠᠭᠤᠯᠢ ᠶᠢᠨ ᠶᠡᠭᠡ ᠲᠡᠭᠡᠳᠥ ᠰᠤᠷᠭᠠᠭᠤᠯᠢ ᠳᠤ ᠲᠡᠪᠰᠢᠭᠰᠡᠨ ᠨᠤᠷᠮ᠎ᠠ 84.6% ᠬᠥᠷᠥᠭᠰᠡᠨ | ᠲᠡᠮᠳᠡᠭᠯᠡᠯ ᠢ ᠲᠡᠬᠦᠨ ᠤ ᠠᠩᠭᠢ ᠡᠬᠦᠳᠥᠭᠰᠡᠨ ᠪᠢᠯᠡ᠃ | ᠤᠳᠠᠭᠠᠨ ᠵᠢᠯ ᠤᠨ ᠲᠤᠷᠰᠢ ᠡ᠊ · ᠭᠡᠷᠡᠯᠳᠥ ᠪᠠᠭᠰᠢ ᠬᠢᠴᠢᠶᠡᠯ ᠵᠢᠭᠠᠬᠤ ᠶᠢ ᠪᠠᠷᠢᠮᠳᠠᠯᠠᠬᠤ ᠶᠢᠨ ᠬᠠᠮᠳᠥ ᠵᠢᠭᠠᠨ | ᠰᠤᠷᠭᠠᠯᠳᠠ ᠶᠢ ᠰᠤᠳᠤᠯᠬᠤ ᠳᠤ ᠰᠢᠮᠳᠠᠨ᠂ ᠥᠪᠡᠷᠳᠡᠭᠡᠨ ᠵᠠᠰᠠᠬᠤ ᠤᠷᠤᠨ ᠤ ᠲᠡᠰ ᠤᠨ ᠰᠤᠳᠤᠯᠭᠠᠨ ᠤ ᠰᠡᠳᠤᠪ ︽ | ᠪᠤᠶᠢᠳᠠ ᠪᠥᠭᠯᠡᠬᠦᠥ ᠤᠷᠤᠨ ᠤ ᠴᠥᠬᠡᠨ ᠲᠤᠭᠠᠳᠥ ᠥᠨᠳᠥᠰᠥᠳᠡᠨ ᠤ ᠰᠤᠷᠤᠭᠴᠢ ᠶᠢᠨ ᠰᠤᠷᠤᠯᠴᠠᠯᠭ᠎ᠠ | ᠵᠢᠯᠤᠭᠤᠳᠤᠯᠭ᠎ᠠ ᠶᠢᠨ ᠰᠤᠳᠤᠯᠭᠠᠨ︾᠂ ᠲᠤᠮᠳᠠᠳᠥ ᠤᠯᠤᠰ ᠤᠨ ᠰᠤᠷᠭᠠᠨ ᠬᠥᠮᠥᠵᠢᠯ ᠤᠨ ᠰᠤᠳᠤᠯᠭᠠᠨ ᠤ | ᠨᠡᠶᠢᠭᠡᠮᠯᠢᠭ ᠤᠨ ᠰᠤᠳᠤᠯᠭᠠᠨ ᠤ ᠰᠡᠳᠤᠪ ︽ᠮᠤᠩᠭᠤᠯ ᠢᠶᠠᠷ ᠬᠢᠴᠢᠶᠡᠯᠯᠡᠬᠦ ᠲᠤᠭᠠᠨ ᠤ ᠬᠢᠴᠢᠶᠡᠯ ᠤᠨ ᠤᠶᠤᠨ ᠤ ᠪᠠ | ᠤᠶᠤᠨ ᠤ ᠪᠤᠰᠤ ᠵᠢᠭᠠᠨ ᠰᠤᠷᠭᠠᠯᠳᠠ ᠶᠢᠨ ᠰᠤᠳᠤᠯᠭᠠᠨ︾ ᠵᠡᠷᠭᠡ ᠴᠢᠬᠤᠯᠠ ᠰᠤᠳᠤᠯᠭᠠᠨ ᠤ ᠰᠡᠳᠤᠪ ᠲᠤ | ᠤᠷᠤᠯᠴᠠᠵᠥ᠂ ︽ᠲᠡᠩᠴᠡᠬᠦᠥ ᠬᠠᠷᠢᠴᠠᠭᠠᠳᠥ ᠴᠤᠪᠤᠭ᠎ᠠ ᠲᠤᠭ᠎ᠠ ᠶᠢᠨ ᠲᠤᠬᠠᠢ ᠵᠢᠭᠠᠬᠤ ᠲᠥᠯᠥᠪᠯᠡᠭᠡ︾ ᠵᠡᠷᠭᠡ | ᠤᠯᠠᠨ ᠥᠬᠦᠯᠡᠯ ᠨᠢ ᠲᠥᠪ ᠤᠨ ᠪᠠ ᠮᠤᠵᠢ ᠶᠢᠨ ᠲᠡᠰ ᠤᠨ ᠰᠡᠳᠬᠦᠯ ᠲᠡᠭᠡᠷ᠎ᠡ ᠨᠡᠶᠢᠳᠡᠯᠡᠭᠳᠡᠵᠡᠢ᠃ | ᠤᠶᠢᠯᠠᠭᠠᠭᠰᠠᠨ ᠢᠶᠠᠷ᠂ ︽ᠰᠦ᠋ ᠪᠦ᠋ ᠴᠢᠩ ᠤᠨ ᠲᠤᠭᠠᠨ ᠤ ᠤᠬᠠᠭᠠᠨ ᠤ ᠰᠤᠷᠭᠠᠨ ᠬᠥᠮᠥᠵᠢᠯ ᠤᠨ ᠱᠠᠩᠨᠠᠯ︾ | ᠨᠢ 1991 ᠤᠨ ᠤ 9 ᠳ᠋ᠤᠭᠡᠷ ᠰᠠᠷ᠎ᠠ ᠳᠤ ᠰᠢᠶᠠᠩ ᠦ᠋ ᠢ ᠫᠷᠤᠹᠧᠰᠰᠤᠷ ᠵᠡᠷᠭᠡ ᠡᠷᠳᠡᠮᠳᠡᠳ ᠤᠨ | ᠰᠠᠨᠠᠭᠠᠴᠢᠯᠠᠭ᠎ᠠ ᠪᠠᠷ ᠹᠦᠳᠠᠨ ᠶᠡᠭᠡ ᠰᠤᠷᠭᠠᠭᠤᠯᠢ᠂ ᠱᠠᠩᠬᠠᠢ ᠬᠤᠳᠠ ᠶᠢᠨ ᠰᠤᠷᠭᠠᠨ ᠬᠥᠮᠥᠵᠢᠯ ᠤᠨ ᠲᠤᠪᠴᠢᠶ᠎ᠠ᠂ | ᠱᠠᠩᠬᠠᠢ ᠬᠤᠳᠠ ᠶᠢᠨ ᠲᠤᠮᠳᠠᠳᠥ ᠪᠠᠭ᠎ᠠ ᠰᠤᠷᠭᠠᠭᠤᠯᠢ ᠴᠡᠴᠡᠷᠯᠢᠭ ᠤᠨ ᠪᠠᠭᠰᠢ ᠶᠢ ᠱᠠᠩᠨᠠᠨ ᠬᠥᠬᠢᠬᠦᠯᠬᠦ ᠰᠠᠭᠤᠷᠢ | ᠮᠥᠩᠭᠦᠨ ᠤ ᠨᠡᠶᠢᠭᠡᠮᠯᠢᠭ ᠠᠴᠠ ᠬᠠᠮᠳᠤᠷᠠᠨ ᠪᠠᠶᠢᠭᠤᠯᠵᠥ᠂ ᠮᠠᠨ ᠤ ᠤᠯᠤᠰ ᠤᠨ ᠲᠤᠮᠳᠠᠳᠥ ᠰᠤᠷᠭᠠᠭᠤᠯᠢ ᠶᠢᠨ | ᠲᠤᠭᠠᠨ ᠤ ᠤᠬᠠᠭᠠᠨ ᠤ ᠰᠤᠷᠭᠠᠨ ᠬᠥᠮᠥᠵᠢᠯ ᠤᠨ ᠬᠢᠨ ᠤ ᠬᠠᠮᠤᠭ ᠤᠨ ᠲᠡᠭᠡᠳᠥ ᠱᠠᠩᠨᠠᠯ ᠪᠤᠯᠤᠨ᠎ᠠ᠃ |