ᠠᠪᠠᠭ᠎ᠠ ᠬᠤᠰᠢᠭᠤ ᠰᠢᠯᠢᠳᠡᠭ ᠡᠬᠦᠯᠳᠡᠷ ᠤᠨ ᠦᠬᠡᠷ ᠮᠠᠯᠵᠢᠬᠤ ᠠᠵᠤ ᠦᠢᠯᠡᠰ ᠢ ᠬᠦᠴᠤᠯᠠᠨ ᠬᠥᠭᠵᠢᠭᠦᠯᠵᠦ ᠪᠠᠶᠢᠨ᠎ᠠ
ᠨᠡᠶᠢᠲᠡᠯᠡᠭᠰᠡᠨ ᠴᠠᠭ᠄
2016/11/24
    ︽ᠦᠪᠡᠷᠳᠡᠬᠡᠨ ᠵᠠᠰᠠᠬᠤ ᠤᠷᠤᠨ ᠤ 1000 ᠲᠦᠮᠡᠨ ᠦᠬᠡᠷ ᠤᠨ ᠬᠦᠭᠵᠢᠯᠳᠠ ᠶᠢᠨ ᠲᠦᠯᠤᠪᠵᠢᠬᠦᠯᠬᠡ︾ ᠪᠠ ᠠᠶᠢᠮᠠᠭ ᠤᠨ ᠨᠠᠮ ᠤᠨ ᠬᠤᠷᠢᠶ᠎ᠠ᠂ ᠵᠠᠬᠢᠷᠭ᠎ᠠ ᠶᠢᠨ ︽ᠬᠤᠨᠢ ᠶᠢ ᠴᠦᠬᠡᠳᠬᠡᠵᠦ ᠦᠬᠡᠷ ᠢᠯᠡᠬᠦᠦ ᠮᠠᠯᠵᠢᠬᠤ︾ ᠬᠦᠭᠵᠢᠯᠳᠠ ᠶᠢᠨ ᠰᠡᠳᠬᠢᠴᠠ ᠨᠢ ᠰᠢᠯᠢᠳᠡᠭ ᠡᠬᠦᠯᠳᠡᠷ ᠤᠨ ᠦᠬᠡᠷ ᠮᠠᠯᠵᠢᠬᠤ ᠠᠵᠦ ᠦᠢᠯᠡᠰ ᠢ ᠬᠦᠴᠤᠯᠠᠨ ᠬᠦᠭᠵᠢᠬᠦᠯᠵᠤ᠂ ᠮᠠᠯ ᠠᠵᠦ ᠠᠬᠤᠢ ᠶᠢᠨ ᠠᠵᠦ ᠦᠢᠯᠡᠰ ᠤᠨ ᠪᠦᠳᠦᠴᠡ ᠶᠢ ᠤᠯᠠᠮ ᠰᠢᠯᠢᠳᠡᠭᠵᠢᠬᠦᠯᠵᠦ᠂ ᠤᠳᠤᠬᠢᠴᠢᠯᠠᠭᠰᠠᠨ ᠮᠠᠯ ᠠᠵᠦ ᠠᠬᠤᠢ ᠶᠢᠨ ᠬᠥᠭᠵᠢᠯᠳᠡ ᠶᠢ ᠠᠬᠢᠭᠤᠯᠬᠤ ᠳᠤ ᠨᠦᠯᠦᠭᠡᠯᠡᠨ ᠲᠠᠭᠠᠭᠤᠯᠬᠤ ᠬᠦᠴᠦᠨ ᠪᠤᠯᠤᠭᠰᠠᠨ ᠢᠶᠠᠷ ᠪᠠᠷᠠᠬᠤ ᠦᠬᠡᠢ ᠠᠪᠠᠭ᠎ᠠ ᠬᠤᠰᠢᠭᠤᠨ ᠤ ᠮᠠᠯ ᠠᠵᠦ ᠠᠬᠤᠢ ᠶᠢᠨ ᠬᠥᠭᠵᠢᠯᠳᠡ ᠳᠤ ᠰᠢᠨ᠎ᠡ ᠬᠦᠴᠦᠨ ᠨᠡᠮᠡᠷᠢᠯᠡᠵᠡᠢ᠃     ᠲᠤᠰ ᠬᠤᠰᠢᠭᠤ ᠰᠢᠯᠢᠳᠡᠭ ᠡᠬᠦᠯᠳᠡᠷ ᠤᠨ ᠦᠬᠡᠷ ᠮᠠᠯᠵᠢᠬᠤ ᠠᠵᠦ ᠦᠢᠯᠡᠰ ᠢ ᠬᠦᠴᠦᠯᠡᠨ ᠬᠥᠭᠵᠢᠬᠦᠯᠬᠦ ᠪᠠᠶᠢᠯᠳᠤᠬᠤ ᠪᠤᠳᠤᠯᠭ᠎ᠠ ᠶᠢᠨ ᠰᠡᠳᠬᠢᠴᠡ ᠶᠤᠰᠤᠭᠠᠷ᠂ ︽ᠠᠪᠠᠭ᠎ᠠ ᠬᠤᠰᠢᠭᠤᠨ ᠤ ᠰᠢᠯᠢᠳᠡᠭ ᠡᠬᠦᠯᠳᠡᠷ ᠤᠨ ᠦᠬᠡᠷ ᠮᠠᠯᠵᠢᠬᠤ ᠠᠵᠦ ᠦᠢᠯᠡᠰ ᠤᠨ ᠬᠦᠭᠵᠢᠯᠳᠠ ᠶᠢᠨ ᠲᠦᠯᠤᠪᠵᠢᠬᠦᠯᠬᠡ︾ ︵2016 — 2020 ᠤᠨ︶᠎ ᠶᠢ ᠲᠤᠭᠳᠠᠭᠠᠵᠤ᠂ ᠰᠢᠯᠢᠳᠡᠭ ᠡᠬᠦᠯᠳᠡᠷ ᠤᠨ ᠦᠬᠡᠷ ᠮᠠᠯᠵᠢᠬᠤ ᠠᠵᠦ ᠦᠢᠯᠡᠰ ᠢ ᠬᠥᠭᠵᠢᠬᠦᠯᠬᠦ ᠪᠠᠷ ᠰᠢᠪᠳᠤᠯᠤᠯᠳᠠ ᠶᠢᠨ ᠴᠢᠭ ᠪᠤᠯᠭᠠᠵᠤ᠂ ᠴᠤᠯ ᠪᠠᠶᠢᠭᠠᠯᠢᠯᠢᠭ ᠰᠢᠯᠢᠳᠡᠭ ᠡᠬᠦᠯᠳᠡᠷ ᠤᠨ ᠦᠬᠡᠷ ᠢ ᠰᠤᠩᠭᠤᠨ ᠪᠤᠶᠢᠵᠢᠭᠤᠯᠤᠨ ᠪᠤᠷᠳᠤᠨ ᠲᠠᠷᠭᠤᠯᠠᠭᠤᠯᠬᠤ ᠰᠢᠰᠲ᠋ᠧᠮ ᠢᠶᠠᠷ ᠰᠠᠭᠤᠷᠢ ᠪᠤᠯᠭᠠᠵᠦ᠂ ᠦᠷ᠎ᠠ ᠠᠰᠢᠭ ᠢ ᠬᠤᠯᠪᠤᠭᠠᠯᠠᠭᠤᠯᠬᠤ ᠲᠤᠭᠳᠠᠴᠠ ᠶᠢ ᠲᠡᠭᠦᠯᠳᠡᠷᠵᠢᠬᠦᠯᠬᠦ ᠪᠠᠷ ᠬᠤᠯᠪᠤᠭᠠᠰᠤ ᠪᠤᠯᠭᠠᠨ᠂ ︽ᠵᠠᠬ᠎ᠠ ᠲᠡᠯᠭᠡᠭᠦᠷᠴᠢᠯᠡᠭᠰᠡᠨ᠂ ᠵᠠᠰᠠᠭ ᠤᠨ ᠤᠷᠳᠤᠨ ᠤᠳᠤᠷᠢᠳᠤᠨ ᠲᠠᠭᠠᠭᠤᠯᠬᠤ᠂ ᠺᠤᠮᠫᠠᠨᠢ + ᠬᠤᠷᠰᠢᠶᠠᠵᠢᠯ + ᠮᠠᠯᠵᠢᠬᠤ ᠡᠷᠤᠬᠡ︾᠎ ᠶᠢᠨ ᠵᠠᠬᠪᠤᠷ ᠢᠶᠠᠷ᠂ ᠭᠠᠳᠠᠨ᠎ᠠ ᠠᠴᠠ ᠤᠷᠤᠭᠤᠯᠬᠤ᠂ ᠡᠬᠦᠯᠳᠡᠷ ᠰᠢᠯᠢᠳᠡᠭᠵᠢᠬᠦᠯᠬᠦ᠂ ᠦᠷᠬᠡᠳᠬᠡᠨ ᠪᠤᠶᠢᠵᠢᠭᠤᠯᠬᠤ᠂ ᠪᠤᠷᠳᠤᠨ ᠲᠠᠷᠭᠤᠯᠠᠭᠤᠯᠬᠤ᠂ ᠡᠳ᠋ᠰᠢᠬᠦᠯᠤᠨ ᠪᠤᠯᠪᠠᠰᠤᠷᠠᠭᠤᠯᠬᠤ᠂ ᠪᠤᠷᠤᠯᠠᠭᠤᠯᠬᠤ ᠪᠦᠬᠦ ᠠᠵᠦ ᠦᠢᠯᠡᠰ ᠤᠨ ᠬᠡᠯᠬᠢᠶᠡᠵᠢᠯ ᠠᠴᠠ ᠬᠢᠵᠢᠭ ᠬᠡᠮ ᠤᠨ ᠪᠠᠶᠢᠴᠠᠭᠠᠯᠳᠠ᠂ ᠶᠠᠰᠤ ᠴᠢᠨᠡᠷ ᠢ ᠮᠦᠷᠳᠡᠨ ᠪᠠᠶᠢᠴᠠᠭᠠᠬᠤ᠂ ᠬᠢᠨᠠᠨ ᠪᠠᠶᠢᠴᠠᠭᠠᠬᠤ᠂ ᠪᠦᠳᠤᠬᠡᠭᠳᠡᠬᠦᠨ ᠢ ᠨᠡᠬᠡᠬᠡᠨ ᠠᠰᠢᠭᠯᠠᠬᠤ᠂ ᠨᠡᠷᠡᠳᠦ ᠲᠡᠮᠳᠡᠭ ᠢ ᠡᠬᠦᠳᠬᠦ ᠵᠡᠷᠬᠡ ᠡᠯ᠎ᠡ ᠭᠤᠭᠴᠤᠭ᠎ᠠ ᠶᠢᠨ ᠨᠢᠬᠡ ᠴᠤᠭᠴᠠᠵᠢᠭᠤᠯᠤᠭᠰᠠᠨ ᠠᠵᠢᠯᠯᠠᠬᠤ ᠬᠡᠯᠪᠡᠷᠢ ᠶᠢ ᠪᠤᠢ ᠪᠤᠯᠭᠠᠵᠥ᠂ ᠰᠢᠯᠢᠳᠡᠭ ᠡᠬᠦᠯᠳᠡᠷ ᠤᠨ ᠦᠬᠡᠷ ᠮᠠᠯᠵᠢᠬᠤ ᠠᠵᠦ ᠦᠢᠯᠡᠰ ᠤᠨ ᠬᠥᠭᠵᠢᠯᠳᠡ ᠶᠢ ᠬᠦᠴᠦᠳᠠᠢ ᠠᠬᠢᠭᠤᠯᠬᠤ ᠪᠠᠷ ᠪᠠᠶᠢᠨ᠎ᠠ᠃     ᠲᠤᠰ ᠬᠤᠰᠢᠭᠤ ︽ᠬᠤᠶᠢᠳᠤ ᠭᠡᠰᠡᠭ ᠢᠶᠠᠷ ᠢᠶᠠᠨ ᠬᠤᠨᠢ ᠮᠠᠯᠵᠢᠨ᠂ ᠡᠮᠦᠨ᠎ᠠ ᠭᠡᠰᠡᠭ ᠢᠶᠠᠷ ᠢᠶᠠᠨ ᠦᠬᠡᠷ ᠮᠠᠯᠵᠢᠬᠤ︾ ᠬᠦᠭᠵᠢᠯᠳᠠ ᠶᠢᠨ ᠠᠷᠭ᠎ᠠ ᠬᠡᠮᠵᠢᠶ᠎ᠠ ᠶᠢ ᠠᠪᠴᠤ᠂ ᠰᠢᠯᠢᠳᠡᠭ ᠡᠬᠦᠯᠳᠡᠷ ᠤᠨ ᠰᠢᠮᠧᠨ᠋ᠲ᠋ᠠᠷ ᠦᠬᠡᠷ ᠤᠨ ᠢᠴᠡᠬᠡᠯ ᠦᠷ᠎ᠠ ᠶᠢᠨ ᠬᠡᠬᠡᠯᠳᠤᠬᠦᠯᠬᠡ ᠬᠢᠬᠦ ᠪᠠ ᠰᠢᠯᠢᠳᠡᠭ ᠡᠬᠦᠯᠳᠡᠷ ᠢ ᠤᠷᠤᠭᠤᠯᠤᠨ ᠰᠤᠩᠭᠤᠨ ᠪᠤᠶᠢᠵᠢᠭᠤᠯᠬᠤ ᠬᠤᠶᠡᠷ ᠴᠢᠬᠤᠯᠠ ᠭᠤᠭᠴᠤᠭ᠎ᠠ ᠶᠢ ᠬᠦᠴᠦᠳᠠᠢ ᠠᠳᠬᠤᠵᠤ᠂ ᠦᠬᠡᠷ ᠢ ᠡᠬᠦᠯᠳᠡᠷ ᠰᠠᠶᠢᠵᠢᠷᠠᠭᠤᠯᠬᠤ ᠠᠬᠢᠴᠠ ᠶᠢ ᠲᠦᠷᠬᠡᠳᠬᠡᠵᠦ᠂ ᠠᠷᠪᠠᠭᠠᠳ ᠵᠢᠯ ᠤᠨ ᠴᠢᠷᠮᠠᠶᠢᠯᠭ᠎ᠠ ᠪᠠᠷ ᠲᠠᠮᠵᠢᠵᠦ᠂ ᠲᠤᠰᠬᠠᠢ ᠦᠭᠡᠷ ᠲᠡᠵᠢᠬᠡᠨ ᠦᠷᠡᠵᠢᠬᠦᠯᠬᠦ ᠭᠠᠴᠠᠭ᠎ᠠ 19 ᠪᠤᠯᠵᠤ᠂ ᠲᠤᠰᠬᠠᠢ ᠲᠡᠵᠢᠬᠡᠨ ᠦᠷᠡᠵᠢᠬᠦᠯᠬᠦ ᠡᠷᠤᠬᠡ 495 ᠪᠤᠯᠵᠤ᠂ ᠰᠢᠮᠧᠨ᠋ᠲ᠋ᠠᠷ ᠦᠬᠡᠷ ᠢ ᠲᠡᠵᠢᠬᠡᠨ ᠦᠷᠡᠵᠢᠬᠦᠯᠬᠦ ᠰᠠᠭᠤᠷᠢᠨ ᠭᠠᠵᠡᠷ 6᠎ ᠶᠢ ᠪᠠᠶᠢᠭᠤᠯᠵᠤ᠂ ᠰᠢᠮᠧᠨ᠋ᠲ᠋ᠠᠷ ᠦᠬᠡᠷ ᠤᠨ ᠰᠦᠷᠦᠭ 39 ᠪᠤᠯᠵᠤ᠂ ᠢᠴᠡᠬᠡᠯ ᠦᠷ᠎ᠠ ᠶᠢᠨ ᠬᠡᠬᠡᠯᠳᠤᠬᠦᠯᠬᠡ ᠬᠢᠬᠦ ᠦᠷᠳᠡᠭᠡ ᠶᠢ 137 ᠪᠠᠶᠢᠭᠤᠯᠵᠦ᠂ ᠨᠠᠶᠢᠳᠠ 21.2 ᠲᠦᠮᠡᠨ ᠨᠤᠳᠤᠭ ᠤᠨ ᠦᠬᠡᠷ ᠲᠤ ᠢᠴᠡᠬᠡᠯ ᠦᠷ᠎ᠠ ᠶᠢᠨ ᠬᠡᠬᠡᠯᠳᠤᠬᠦᠯᠬᠡ ᠬᠢᠪᠠ᠃ ᠪᠦᠷᠢᠳᠬᠡᠯ ᠢᠶᠠᠷ᠂ 2015 ᠤᠨ ᠳᠤ ᠪᠦᠬᠦ ᠬᠤᠰᠢᠭᠤᠨ ᠤ ᠦᠬᠡᠷ ᠲᠡᠵᠢᠬᠡᠨ ᠦᠷᠡᠵᠢᠬᠦᠯᠦᠭᠰᠡᠨ ᠡᠷᠤᠬᠡ 3300᠎ ᠳᠤ ᠬᠦᠷᠴᠤ᠂ ᠵᠢᠯ ᠤᠨ ᠦᠬᠡᠷ ᠤᠨ ᠵᠠᠷᠤᠴᠠᠭᠤᠯᠤᠯᠳᠠ ᠶᠢᠨ ᠲᠤᠭ᠎ᠠ 11.7 ᠲᠦᠮᠡ ᠳᠤ ᠬᠦᠷᠴᠦ᠂ ᠮᠠᠯ ᠤᠨ ᠡᠬᠦᠯᠳᠡᠷ ᠰᠢᠯᠢᠳᠡᠭᠵᠢᠬᠦᠯᠦᠭᠰᠡᠨ ᠬᠡᠮᠵᠢᠶ᠎ᠠ 97.4%᠎ ᠳᠤ ᠬᠦᠷᠴᠤ᠂ 2002 ᠤᠨ ᠤ ᠬᠢ ᠲᠠᠢ ᠠᠳᠠᠯᠢᠳᠬᠠᠪᠠᠯ᠂ 108.9% ᠪᠠ 72.9%᠎ ᠪᠠᠷ ᠨᠡᠮᠡᠭᠳᠡᠵᠠᠢ᠃     ᠠᠪᠠᠭ᠎ᠠ ᠬᠤᠰᠢᠭᠤ ᠨᠤᠳᠤᠭ ᠪᠡᠯᠴᠢᠬᠡᠷ ᠤᠨ ᠠᠮᠢ ᠠᠬᠤᠢ ᠶᠢᠨ ᠱᠠᠩᠨᠠᠯ ᠨᠥ᠋ᠬᠦᠪᠦᠷᠢ ᠶᠢᠨ ᠮᠦᠩᠬᠦ ᠶᠢ ᠠᠰᠢᠭᠯᠠᠨ ᠂ ᠰᠢᠯᠢᠳᠡᠭ ᠡᠬᠦᠯᠳᠡᠷ ᠤᠨ ᠦᠬᠡᠷ ᠢ ᠬᠤᠳᠠᠯᠳᠤᠨ ᠤᠷᠤᠭᠤᠯᠵᠤ᠂ ᠰᠢᠯᠢᠳᠡᠭ ᠡᠬᠦᠯᠳᠡᠷ ᠤᠨ ᠦᠬᠡᠷ ᠮᠠᠯᠵᠢᠬᠤ ᠠᠵᠦ ᠦᠢᠯᠡᠰ ᠢ ᠬᠥᠭᠵᠢᠬᠦᠯᠬᠦ ᠶᠢ ᠵᠤᠷᠢᠭᠵᠢᠭᠤᠯᠵᠤ᠂ 2020 ᠤᠨ ᠪᠤᠯᠬᠤ ᠳᠤ᠂ ᠰᠢᠮᠧᠨ᠋ᠲ᠋ᠠᠷ ᠦᠬᠡᠷ ᠢᠶᠠᠷ ᠭᠤᠤᠯ ᠪᠤᠯᠭᠠᠵᠤ᠂ ᠠᠩᠬᠢᠰ ᠦᠬᠡᠷ ᠢᠶᠠᠷ ᠨᠥᠬᠦᠪᠦᠷᠢᠯᠡᠭᠰᠡᠨ ᠰᠢᠯᠢᠳᠡᠭ ᠡᠬᠦᠯᠳᠡᠷ ᠤᠨ ᠦᠬᠡᠷ ᠮᠠᠯᠵᠢᠬᠤ ᠦᠢᠯᠡᠰ ᠤᠨ ᠲᠠᠯ᠎ᠠ ᠪᠠᠷ ᠮᠡᠳᠡᠭᠳᠡᠮ᠎ᠡ ᠦᠷ᠎ᠡ ᠠᠰᠢᠭ ᠭᠠᠷᠭᠠᠬᠤ ᠪᠠᠷ ᠲᠥᠰᠦᠪᠯᠡᠵᠦ ᠪᠠᠶᠢᠨ᠎ᠠ᠃ 3 — 5 ᠵᠢᠯ ᠤᠨ ᠬᠤᠭᠤᠴᠠᠭ᠎ᠠ ᠶᠢ ᠬᠡᠷᠡᠭᠰᠡᠵᠦ᠂ 1 ᠤᠯᠤᠰ ᠤᠨ ᠲᠡᠰ ᠤᠨ ᠰᠢᠮᠧᠨ᠋ᠲ᠋ᠠᠷ ᠦᠬᠡᠷ ᠤᠨ ᠲᠡᠵᠢᠬᠡᠨ ᠦᠷᠡᠵᠢᠬᠦᠯᠬᠦ ᠭᠤᠤᠯ ᠲᠠᠯᠠᠪᠠᠢ ᠶᠢ ᠪᠠᠶᠢᠭᠤᠯᠵᠤ᠂ ᠤᠳᠤᠬᠠᠨ ᠳᠤ ᠪᠠᠶᠢᠭ᠎ᠠ 3 ᠤᠯᠠᠭᠠᠨ ᠢᠳᠡᠬᠡᠨ ᠡᠳ᠋ᠰᠢᠬᠦᠯᠤᠨ ᠪᠤᠯᠪᠠᠰᠤᠷᠠᠭᠤᠯᠬᠤ ᠠᠵᠤ ᠠᠬᠤᠶᠢᠯᠡᠯ ᠢ ᠬᠦᠭᠵᠢᠬᠦᠯᠦᠭᠰᠡᠨ ᠰᠠᠭᠤᠷᠢᠨ ᠲᠡᠬᠡᠷ᠎ᠠ ᠢᠳᠡᠪᠬᠢᠳᠡᠢ ᠪᠠᠷ 5 ᠲᠦᠮᠡᠨ ᠦᠬᠡᠷ ᠢ ᠨᠠᠷᠢᠯᠢᠭ ᠡᠳ᠋ᠰᠢᠬᠦᠯᠦᠨ ᠪᠤᠯᠪᠠᠰᠤᠷᠠᠭᠤᠯᠵᠤ ᠴᠢᠳᠠᠬᠤ ᠴᠢᠳᠠᠮᠵᠢ ᠲᠠᠢ ᠲᠤᠯᠤᠭᠠᠶᠢᠯᠠᠭᠴᠢ ᠠᠵᠤ ᠠᠬᠤᠶᠢᠯᠡᠯ ᠢ ᠳᠠᠳᠠᠨ ᠤᠷᠤᠭᠤᠯᠵᠦ᠂ ᠰᠢᠯᠢᠳᠡᠭ ᠡᠬᠦᠯᠳᠡᠷ ᠤᠨ ᠦᠬᠡᠷ ᠪᠦ᠋ᠷᠢ ᠶᠢᠨ ᠠᠰᠢᠭ ᠰᠢᠮ᠎ᠡ ᠶᠢᠨ ᠶᠠᠷᠤᠩᠬᠡᠢ ᠦᠷᠳᠡᠭ ᠢ 2.5 ᠲᠦᠮᠡᠨ ᠲᠦᠬᠦᠷᠢᠭ ᠲᠤ ᠬᠦᠷᠬᠡᠵᠤ᠂ 3000 ᠮᠠᠯᠴᠢᠨ ᠡᠷᠤᠬᠡ ᠶᠢ ᠲᠠᠶᠢᠴᠢᠯᠠᠬᠤ ᠪᠠᠷ ᠪᠠᠶᠢᠨ᠎ᠡ᠃ ᠡᠬᠦᠨ ᠤ ᠬᠠᠮᠳᠤ ᠰᠢᠯᠢᠳᠡᠭ ᠡᠬᠦᠯᠳᠡᠷ ᠤᠨ ᠦᠨᠢᠶ᠎ᠡ 50᠎ ᠠᠴᠠ ᠲᠡᠬᠡᠭᠰᠢ ᠪᠠᠶᠢᠬᠤ ᠮᠠᠯᠵᠢᠯ ᠤᠨ ᠡᠷᠦᠬᠡ ᠶᠢᠨ ᠲᠤᠭ᠎ᠠ ᠶᠢ 610᠎ ᠳᠤ ᠬᠦᠷᠬᠡᠵᠦ᠂ ᠡᠬᠦᠨ ᠳᠤ 50 — 100 ᠦᠬᠡᠷ ᠲᠠᠢ 400 ᠡᠷᠤᠬᠡ᠂ 100 — 200 ᠦᠬᠡᠷ ᠲᠠᠢ 150 ᠡᠷᠤᠬᠡ᠂ 200 — 300 ᠦᠬᠡᠷ ᠲᠠᠢ 50 ᠡᠷᠤᠬᠡ᠂ 300 ᠦᠬᠡᠷ ᠲᠠᠢ ᠡᠷᠤᠬᠡ ᠶᠢᠨ ᠲᠤᠭ᠎ᠠ ᠶᠢ 10᠎ ᠳᠤ ᠬᠦᠷᠬᠡᠵᠦ᠂ ᠮᠠᠯᠵᠢᠯ ᠤᠨ ᠵᠢᠯ ᠤᠨ ᠪᠦᠷᠢᠳᠬᠡᠯ ᠳᠤ ᠦᠬᠡᠷ ᠤᠨ ᠵᠠᠷᠤᠴᠠᠭᠤᠯᠤᠯᠳᠠ ᠶᠢᠨ ᠲᠤᠭ᠎ᠠ ᠶᠢ 34 ᠲᠦᠮᠡ ᠳᠤ ᠬᠦᠷᠬᠡᠵᠦ᠂ ᠡᠬᠦᠨ ᠳᠤ ᠡᠬᠡ ᠮᠠᠯ ᠢ 16 ᠲᠦᠮᠡ ᠳᠤ ᠬᠦᠷᠬᠡᠵᠦ᠂ ᠡᠬᠦᠯᠳᠡᠷ ᠰᠢᠯᠢᠳᠡᠭᠵᠢᠬᠦᠯᠦᠭᠰᠡᠨ ᠬᠠᠷᠢᠴᠠᠯ ᠢ 99%᠎ ᠳᠤ ᠬᠦᠷᠬᠡᠨ᠎ᠡ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号