ᠤᠷᠤᠨ ᠰᠠᠭᠤᠴᠠ ᠶᠢᠨ ᠪᠠᠳᠤᠯᠠᠭᠠᠨ ᠤ ᠰᠢᠰᠲᠧᠮ ᠢ ᠤᠯᠠᠮ ᠨᠢᠭᠡ ᠠᠯᠬᠤᠮ ᠲᠡᠬᠦᠯᠳᠡᠷᠵᠢᠬᠦᠯᠵᠦ᠂ ᠬᠤᠳᠠ | ᠪᠠᠯᠭᠠᠰᠤᠨ ᠤ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭᠠᠳᠤ ᠡᠷᠦᠬᠡ ᠶᠢᠨ ᠲᠤᠳᠤᠷᠠᠬᠢ ᠤᠷᠤᠨ ᠰᠠᠭᠤᠴᠠ ᠦᠬᠡᠢ | ᠪᠤᠶᠤ ᠤᠷᠤᠨ ᠰᠠᠭᠤᠴᠠ ᠶᠢᠨ ᠳᠠᠯ᠎ᠠ ᠪᠠᠷ ᠬᠦᠴᠢᠷᠳᠡᠢ ᠡᠷᠦᠬᠡ ᠶᠢᠨ ᠤᠷᠤᠨ ᠰᠠᠭᠤᠴᠠ ᠶᠢᠨ ᠠᠰᠠᠭᠤᠳᠠᠯ ᠢ | ᠰᠢᠢᠳᠪᠦᠷᠢᠯᠡᠬᠦ ᠶᠢᠨ ᠲᠦᠯᠦᠬᠡ᠂ ᠲᠠᠶᠢᠹᠤᠰᠧ ᠬᠤᠰᠢᠭᠤ 2016 ᠤᠨ ᠤ ᠤᠷᠤᠨ ᠰᠠᠭᠤᠴᠠ ᠶᠢᠨ ᠪᠠᠳᠤᠯᠠᠭ᠎ᠠ | ᠬᠦᠷᠳᠡᠬᠦ ᠨᠦᠬᠦᠴᠡᠯ ᠳᠤ ᠬᠦᠷᠦᠭᠰᠡᠨ ᠡᠷᠦᠬᠡ ᠳᠤ ᠨᠡᠶᠢᠳᠡ ᠶᠢᠨ ᠲᠦᠷᠢᠶᠡᠰᠦᠨ ᠤᠷᠤᠨ ᠰᠠᠭᠤᠴᠠ | ᠬᠤᠪᠢᠶᠠᠷᠢᠯᠠᠬᠤ ᠪᠠᠷ ᠲᠤᠭᠳᠠᠭᠰᠠᠨ ᠪᠠᠶᠢᠨ᠎ᠠ᠃ | ᠤᠷᠤᠨ ᠰᠠᠭᠤᠴᠠ ᠬᠤᠪᠢᠶᠠᠷᠢᠯᠠᠬᠤ ᠠᠵᠢᠯ ᠢ ᠡᠮᠬᠢ ᠲᠢᠭᠯᠢᠮ ᠲᠠᠢ᠂ ᠡᠷᠭᠡ ᠲᠡᠭᠰᠢ᠂ ᠲᠦᠪ ᠭᠤᠤᠯᠴᠢ ᠪᠠᠷ | ᠶᠠᠪᠤᠭᠳᠠᠭᠤᠯᠬᠤ ᠶᠢᠨ ᠲᠦᠯᠦᠬᠡ᠂ ᠲᠤᠰ ᠬᠤᠰᠢᠭᠤ ᠪᠤᠳᠠᠳᠤ ᠪᠠᠶᠢᠳᠠᠯ ᠲᠠᠢ ᠪᠠᠨ ᠤᠶᠠᠯᠳᠤᠭᠤᠯᠵᠤ᠂ ᠭᠡᠷᠡᠭᠵᠢᠬᠦᠯᠬᠦ | ᠠᠷᠭ᠎ᠠ ᠲᠦᠰᠦᠪ ᠢ ᠲᠤᠭᠳᠠᠭᠠᠨ᠂ ᠬᠤᠪᠢᠶᠠᠷᠢᠯᠠᠬᠤ ᠵᠠᠷᠴᠢᠮ᠂ ᠪᠠᠳᠤᠯᠠᠭᠠᠨ ᠤ ᠪᠠᠷᠢᠮᠵᠢᠶ᠎ᠠ᠂ ᠶᠠᠪᠤᠭᠳᠠᠭᠤᠯᠬᠤ | ᠠᠯᠬᠤᠮ᠂ ᠦᠷᠬᠦᠯᠵᠢᠯᠡᠭᠰᠡᠨ ᠬᠠᠮᠢᠶᠠᠷᠤᠯᠳᠠ᠂ ᠵᠤᠬᠢᠶᠠᠨ ᠪᠠᠶᠢᠭᠤᠯᠤᠯᠳᠠ ᠶᠢᠨ ᠤᠳᠤᠷᠢᠳᠤᠯᠭ᠎ᠠ ᠬᠢᠭᠡᠳ ᠬᠠᠤᠯᠢ | ᠴᠠᠭᠠᠵᠠ ᠶᠢᠨ ᠬᠠᠷᠢᠭᠤᠴᠠᠯᠭ᠎ᠠ ᠵᠡᠷᠭᠡ ᠶᠢ ᠲᠤᠳᠤᠷᠬᠠᠶᠢᠯᠠᠵᠠᠢ᠃ ᠤᠳᠤᠬᠠᠨ ᠠᠯᠪᠠᠨ ᠵᠠᠷ ᠨᠡᠶᠢᠳᠡᠯᠡᠬᠦ᠂ ᠨᠡᠷ᠎ᠡ | ᠮᠡᠳᠡᠬᠦᠯᠵᠦ ᠡᠷᠡᠮᠡᠯᠵᠡᠯᠡᠬᠦ᠂ ᠠᠩᠬᠠᠨ ᠤ ᠬᠠᠷᠭᠤᠭᠤᠯᠤᠯᠳᠠ ᠬᠢᠬᠦ ᠵᠡᠷᠭᠡ ᠠᠵᠢᠯ ᠨᠢᠬᠡᠨᠳᠡ ᠲᠠᠭᠤᠰᠴᠤ᠂ ᠨᠡᠷ᠎ᠡ | ᠮᠡᠳᠡᠬᠦᠯᠦᠭᠰᠡᠨ 612 ᠡᠷᠦᠬᠡ ᠶᠢ ᠲᠠᠬᠢᠨᠳᠠ ᠪᠠᠶᠢᠴᠠᠭᠠᠨ ᠬᠠᠷᠭᠤᠭᠤᠯᠵᠤ ᠨᠡᠶᠢᠳᠡᠯᠡᠬᠦ ᠠᠵᠢᠯ ᠶᠠᠭ ᠤᠷᠤᠭᠰᠢᠳᠠᠢ | ᠶᠠᠪᠤᠭᠳᠠᠵᠤ ᠪᠠᠶᠢᠨ᠎ᠠ᠃ ᠭᠡᠷ ᠬᠤᠪᠢᠶᠠᠷᠢᠯᠠᠬᠤ ᠳᠠᠭᠠᠨ ᠰᠠᠭᠤᠭᠠᠯᠢ ᠠᠷᠠᠳ ᠤᠨ ᠵᠦᠪᠯᠡᠯ ᠤᠨ ᠬᠠᠷᠢᠭᠤᠴᠠᠯᠭᠠᠳᠠᠨ | ᠤᠷᠢᠳᠠᠪᠠᠷ ᠰᠢᠪᠠᠭ᠎ᠠ ᠲᠠᠳᠠᠵᠤ᠂ ᠠᠯᠢ ᠨᠡᠶᠢᠬᠡᠮ ᠲᠤᠭᠤᠷᠢᠭ ᠤᠨ ᠬᠢᠨ ᠤᠷᠢᠳᠠᠪᠠᠷ ᠰᠢᠪᠠᠭ᠎ᠠ ᠲᠠᠳᠠᠬᠤ ᠶᠢ ᠲᠤᠭᠳᠠᠭᠠᠨ | ᠂ ᠲᠠᠷᠠᠭ᠎ᠠ ᠨᠢ ᠤᠷᠤᠨ ᠰᠠᠭᠤᠴᠠ ᠡᠷᠡᠮᠡᠯᠵᠡᠯᠡᠭᠰᠡᠨ ᠡᠷᠦᠬᠡ ᠰᠢᠪᠠᠭ᠎ᠠ ᠲᠠᠳᠠᠵᠤ᠂ ᠬᠡᠨ ᠨᠢ ᠤᠷᠢᠳᠠᠪᠠᠷ ᠭᠡᠷ ᠤᠨ | ᠰᠢᠪᠠᠭ᠎ᠠ ᠲᠠᠳᠠᠬᠤ ᠳ᠋ᠤᠭᠠᠷ ᠢᠶᠠᠨ ᠲᠤᠭᠳᠠᠭᠠᠨ᠎ᠠ᠃ ᠡᠬᠦᠨ ᠤ ᠲᠠᠷᠠᠭ᠎ᠠ ᠪᠠᠷ ᠡᠷᠡᠮᠡᠯᠵᠡᠯᠡᠭᠴᠢ ᠡᠷᠦᠬᠡ ᠨᠢ ᠰᠢᠪᠠᠭ᠎ᠠ | ᠲᠠᠳᠠᠵᠤ ᠤᠯᠤᠭᠰᠠᠨ ᠳ᠋ᠤᠭᠠᠷ ᠤᠨ ᠲᠡᠰ ᠲᠠᠷᠠᠭᠠᠯᠠᠯ ᠶᠤᠰᠤᠭᠠᠷ ᠭᠡᠷ ᠤᠨ ᠰᠢᠪᠠᠭ᠎ᠠ ᠪᠠᠨ ᠲᠠᠳᠠᠬᠤ ᠪᠤᠯᠤᠨ᠎ᠠ᠃ ᠡᠨᠡ | ᠤᠳᠠᠭᠠᠨ ᠤ ᠬᠤᠪᠢᠶᠠᠷᠢᠯᠠᠬᠤ ᠨᠡᠶᠢᠳᠡ ᠶᠢᠨ ᠲᠦᠷᠢᠶᠡᠰᠦᠨ ᠤᠷᠤᠨ ᠰᠠᠭᠤᠴᠠ ᠨᠡᠶᠢᠳᠡ 302 ᠢᠵᠢ᠂ ᠡᠷᠦᠬᠡ | ᠪᠦᠷᠢ ᠶᠢᠨ ᠪᠠᠳᠤᠯᠠᠭᠠᠨ ᠤ ᠲᠠᠯᠠᠪᠠᠢ ᠬᠠᠮᠤᠭ ᠶᠡᠭᠡ ᠳᠡᠭᠡᠨ 60 ᠬᠠᠪᠳᠠᠭᠠᠢ ᠲᠦᠷᠪᠡᠯᠵᠢᠨ ᠮᠧᠲᠷ ᠪᠠᠶᠢᠵᠤ᠂ ᠨᠠᠰᠤᠳᠠᠢ | ᠪᠠᠭᠤᠷᠠᠢ ᠡᠪᠡᠳᠴᠢᠨ ᠲᠠᠢ ᠵᠡᠮᠳᠡᠭ ᠭᠡᠷ ᠪᠦᠯᠢ ᠶᠢ ᠬᠠᠷᠠᠭᠠᠯᠵᠠᠨ ᠲᠤᠤᠷ᠎ᠠ ᠲᠠᠪᠬᠤᠷᠭ᠎ᠠ ᠶᠢᠨ ᠠᠰᠠᠷ ᠢ | ᠬᠤᠪᠢᠶᠠᠷᠢᠯᠠᠬᠤ ᠪᠠᠷ ᠲᠤᠭᠳᠠᠵᠠᠢ᠃ |