ᠣᠯᠣᠰ ᠤᠨ ᠠᠪᠤᠷᠭᠤ ᠴᠠᠭᠠᠨᠵᠠᠭᠠᠨ᠄ ︽ᠮᠤᠩᠭᠤᠯ ᠪᠦᠬᠡ ᠶᠡᠭᠡ ᠬᠥᠭᠵᠢᠵᠠᠢ ᠤᠳᠤ ᠳᠦᠷᠢᠮᠵᠢᠯ ᠱᠠᠭᠠᠷᠳᠠᠵᠦ ᠪᠠᠶᠢᠨ᠎ᠠ︾
ᠨᠡᠶᠢᠲᠡᠯᠡᠭᠰᠡᠨ ᠴᠠᠭ᠄
2016/11/21
    ᠪᠦᠬᠡ ᠶᠢᠨ ᠰᠤᠶᠤᠯ᠂ ᠪᠦᠬᠡ ᠶᠢᠨ ᠦᠢᠯᠡᠰ ᠭᠡᠳ ᠶᠠᠷᠢᠭᠠᠳ ᠢᠷᠡᠬᠦᠯᠡᠷ᠂ ᠤᠯᠤᠰ ᠤᠨ ᠠᠪᠤᠷᠭᠤ ᠪᠦᠬᠡ ᠴᠠᠭᠠᠨᠵᠠᠭᠠᠨ ᠤᠷᠮ᠎ᠠ ᠬᠦᠭᠵᠢᠩᠭᠦᠢ ᠰᠡᠳᠭᠢᠯ ᠲᠤᠭᠲᠤᠯᠤᠩᠭᠤᠢ᠃ 10 ᠳ᠋ᠤᠭᠠᠷ ᠰᠠᠷ᠎ᠠ ᠶᠢᠨ 17᠎ ᠤ ᠦᠳᠡ ᠶᠢᠨ ᠬᠤᠶᠢᠨ᠎ᠠ ᠪᠢᠳᠠ ᠰᠢᠯᠢ ᠶᠢᠨ ᠬᠤᠲᠠ ᠳᠤ ᠰᠠᠶ᠋ᠢᠬᠠᠨ ᠭᠠᠳᠠᠭᠰᠢ ᠶᠠᠪᠤᠭᠠᠳ ᠬᠠᠷᠢᠵᠤ ᠢᠷᠡᠭᠰᠡᠡ ᠪᠦᠭᠡᠳ ᠪᠠᠰᠠ ᠪᠡᠶ᠎ᠡ ᠠᠨᠠᠢ ᠪᠠᠶᠢᠭ᠎ᠠ ᠭᠡᠵᠤ ᠰᠤᠨᠤᠰᠤᠭᠰᠠᠠ ᠲᠡᠭᠦᠨ ᠲᠠᠢ ᠨᠢᠭᠡ ᠯᠠ ᠴᠠᠭ ᠴᠤ ᠭᠡᠰᠡᠨ ᠪᠤᠯᠤᠨ᠎ᠠ ᠭᠡᠮᠡᠨ ᠪᠤᠯᠵᠤᠨ ᠠᠭᠤᠯᠵᠠᠨ ᠶᠠᠷᠢᠯᠴᠠᠭᠠᠳ ᠪᠦᠲᠦᠨ ᠨᠢᠬᠡ ᠦᠳᠡ ᠶᠢᠨ ᠬᠤᠶᠢᠨ᠎ᠠ ᠶᠠᠷᠢᠯᠴᠠᠴᠢᠬᠠᠭᠰᠠᠠ ᠪᠠᠶᠢᠵᠤ᠂ ᠠᠪᠤᠷᠭᠤ ᠪᠦᠬᠡ ᠮᠠᠨᠢ ᠮᠠᠨ ᠳᠤ ᠠᠱᠢᠬᠦᠢ ᠶᠡᠭᠡ ᠤᠷᠮ᠎ᠠ ᠬᠠᠶᠢᠷᠠᠯᠠᠴᠢᠬᠠᠭᠰᠠᠠ ᠪᠠᠶᠢᠯ᠎ᠠ᠃     ᠴᠠᠭᠠᠨᠵᠠᠭᠠᠨ ᠭᠡᠵᠤ ᠳᠠᠷᠠᠭᠠᠯᠠᠨ ᠠᠷᠪᠠᠨ ᠭᠤᠷᠪᠠᠨ ᠵᠢᠯ ᠭᠠᠵᠠᠷ ᠰᠢᠷᠦ᠋ᠢᠳᠠᠭ᠎ᠠ ᠦᠭᠡᠢ ᠪᠠᠷᠢᠯᠳᠤᠵᠤ ᠶᠠᠪᠤᠭᠰᠠᠠ ᠪᠤᠰᠤᠭ᠎ᠠ ᠪᠦᠬᠡ᠂ ᠮᠤᠩᠭᠤᠯ ᠲᠦᠮᠡᠨ ᠤ ᠪᠠᠨ ᠬᠠᠶᠢᠷ᠎ᠠ ᠪᠠᠭ᠋ᠠᠷᠬᠠᠯ ᠢ ᠤᠯᠤᠭᠰᠠᠠ ᠨᠡᠷᠡᠲᠦ ᠠᠪᠤᠷᠭᠤ ᠪᠦᠬᠡ᠃ ᠬᠡᠳᠦ᠋ᠢᠪᠡᠷ ᠠᠷᠪᠠᠨ ᠵᠢᠷᠭᠤᠭᠠᠨ ᠵᠢᠯ ᠤᠨ ᠡᠮᠦᠨ᠎ᠡ ᠬᠤᠳᠤᠭᠤᠳᠤᠨ ᠦᠮᠡᠨ ᠢᠶᠠᠷ ᠮᠡᠰᠡ ᠵᠠᠰᠠᠯ ᠬᠢᠵᠤ ᠬᠤᠳᠤᠭᠤᠳᠤ ᠶᠢᠨ ᠢᠶᠠᠨ ᠬᠠᠭᠠᠰ ᠢ ᠠᠪᠤᠭᠤᠯᠤᠭᠰᠠᠠ ᠭᠡᠳᠡᠭ ᠴᠤ᠂ ᠲᠡᠭᠰᠢ ᠰᠠᠶᠢᠬᠠᠨ ᠢᠶᠠᠷ ᠢᠶᠠᠨ ᠪᠠᠶᠢᠭ᠎ᠠ 190 ᠰᠡᠨᠲ᠋ᠢᠮᠧᠲᠷ ᠤᠨ ᠦᠨᠳᠦᠷ ᠰᠦᠷᠯᠢᠭ ᠪᠡᠶ᠎ᠡ ᠭᠠᠯᠪᠢᠷ᠂ ᠵᠤᠷᠪᠤᠶᠢᠭᠰᠠᠠ ᠰᠠᠶᠢᠬᠠᠨ ᠬᠠᠷ᠎ᠠ ᠰᠠᠬᠠᠯ᠂ ᠴᠤᠭ ᠵᠤᠯᠢ ᠪᠠᠳᠠᠷᠠᠩᠭᠤᠢ ᠨᠢᠭᠤᠷ ᠳᠦᠷᠭᠦ ᠠᠴᠠ ᠨᠢ ᠢᠳᠡ ᠬᠦᠭ ᠲᠠᠢ ᠪᠠᠷᠢᠯᠳᠤᠵᠤ ᠪᠠᠶᠢᠭᠰᠠᠠ ᠲᠡᠷᠡ ᠦᠶ᠎ᠡ ᠶᠢᠨ ᠬᠢᠨᠢ ᠤᠮᠤᠭᠯᠠᠩ ᠵᠢᠪᠬᠤᠭ᠎ᠠ ᠳᠦᠷᠢ ᠪᠠᠶᠢᠳᠠᠯ ᠮᠦᠢᠨ ᠬᠠᠷᠠᠭᠳᠠᠨ᠎ᠠ᠃ ᠤᠳᠤ ᠪᠤᠯ ᠲᠡᠷᠡ ᠡᠪᠦᠭᠡᠨ ᠪᠦᠬᠡ ᠶᠢᠨ ᠪᠠᠷᠢᠯᠳᠤᠭᠠᠨ ᠪᠠᠶᠢᠪᠠᠯ ᠤᠷᠤᠵᠤ᠂ ᠨᠢᠳᠤᠨᠤᠨ ᠵᠡᠭᠦᠨ ᠦᠵᠦᠮᠦᠴᠢᠨ ᠤ ᠡᠪᠦᠭᠡᠨ ᠪᠦᠬᠡ ᠳᠤ ᠲᠡᠷᠢᠬᠦᠯᠡᠭᠰᠡᠡ ᠭᠡᠳᠡᠭ᠃     ᠵᠡᠭᠦᠨ ᠦᠵᠦᠮᠦᠴᠢᠨ ᠬᠤᠰᠢᠭᠤᠨ ᠤ ᠡᠵᠢᠨᠠᠭᠤᠷ ᠰᠤᠮᠤᠨ ᠳᠤ ᠦᠰᠴᠤ ᠲᠦᠷᠦᠭᠰᠡᠡ ᠲᠡᠷᠡ ᠪᠠᠷ ︽ᠪᠦᠬᠡ ᠶᠢᠨ ᠨᠤᠲᠤᠭ︾᠎ ᠤᠨ ᠢᠶᠠᠨ ᠵᠤᠯᠪᠤᠭ᠎ᠠ ᠶᠢ ᠡᠷᠭᠦᠵᠤ ᠵᠠᠯᠠᠭᠤ ᠪᠠᠭ᠎ᠠ ᠦᠶ᠎ᠡ ᠠᠴᠠ ᠪᠠᠨ ᠪᠠᠷᠢᠯᠳᠤᠵᠤ ᠨᠤᠴᠤᠯᠳᠤᠵᠤ ᠶᠠᠪᠤᠵᠤ᠂ 1981 ᠤᠨ ᠳᠤ ᠰᠢᠯᠢ ᠶᠢᠨ ᠭᠤᠤᠯ ᠠᠶᠢᠮᠠᠭ ᠤᠨ ᠪᠦᠬᠡ ᠶᠢᠨ ᠠᠩᠭᠢ ᠪᠠᠶᠢᠭᠤᠯᠤᠭᠳᠠᠬᠤ ᠳᠤ ᠤᠷᠤᠵᠤ ᠪᠤᠯᠪᠠᠰᠤᠷᠠᠨ᠂ ᠰᠤᠷᠢᠭ᠎ᠠ ᠪᠤᠯᠪᠠᠰᠤᠷᠠᠯ ᠢᠶᠠᠷ ᠳᠠᠮᠵᠢᠨ 15 ᠬᠦᠮᠦᠨ ᠤ ᠬᠠᠮᠲᠦ ᠵᠢᠩᠬᠢᠨᠢ ᠪᠦᠬᠡ ᠪᠤᠯᠵᠤ ᠡᠯᠰᠡᠭᠳᠡᠪᠡ᠃ ᠡᠭᠦᠨ ᠠᠴᠠ ᠡᠬᠢᠯᠡᠨ ᠲᠡᠷᠡ ᠤᠷᠤᠨ ᠤ ᠤᠷᠤᠯᠳᠤᠭᠠᠨ᠂ ᠤᠯᠤᠰ ᠤᠨ ᠤᠷᠤᠯᠳᠤᠭᠠᠨ ᠳᠤ ᠤᠯᠠᠨᠲᠠ ᠤᠷᠤᠯᠴᠠᠨ ᠶᠠᠪᠤᠵᠤ᠂ ᠶᠡᠷᠡᠭᠡᠳ ᠤᠨ ᠪᠤᠯᠲᠠᠯ᠎ᠠ ᠢᠳᠡ ᠰᠠᠶᠢᠲᠠᠢ ᠪᠠᠷᠢᠯᠳᠤᠵᠤ ᠶᠠᠪᠤᠭᠰᠠᠠ ᠬᠤᠭᠤᠴᠠᠭᠠᠨ ᠳᠠᠭᠠᠨ ᠤᠯᠤᠰ ᠤᠨ ᠳᠡᠰ ᠤᠨ ᠤᠷᠤᠯᠳᠤᠭᠠᠨ ᠳᠤ 15 ᠤᠳᠠᠭ᠎ᠠ ᠲᠡᠷᠢᠭᠦᠯᠡᠵᠤ᠂ 13 ᠵᠢᠯ ᠳᠠᠷᠠᠭᠠᠯᠠᠨ ᠭᠠᠵᠠᠷ ᠰᠢᠷᠦ᠋ᠢᠲᠠᠭᠰᠠᠠ ᠦᠬᠡᠢ ᠭᠠᠶᠢᠬᠠᠮᠰᠢᠭ ᠢ ᠡᠭᠦᠳᠴᠡᠢ᠃ 1988 ᠤᠨ ᠠᠴᠠ ᠲᠡᠷᠡ ᠰᠢᠯᠢ ᠶᠢᠨ ᠭᠤᠤᠯ ᠠᠶᠢᠮᠠᠭ ᠤᠨ ᠪᠦᠬᠡ ᠶᠢᠨ ᠠᠩᠭᠢ ᠶᠢᠨ ᠳᠡᠳ᠋ ᠳᠠᠷᠤᠭ᠎ᠠ ᠪᠤᠯᠵᠤ ᠪᠦᠬᠡ ᠶᠢᠨ ᠰᠤᠷᠢᠭ᠎ᠠ ᠪᠤᠯᠪᠠᠰᠤᠷᠠᠯ ᠢ ᠬᠠᠮᠢᠶᠠᠷᠴᠤ᠂ ᠶᠡᠷᠡᠭᠡᠳ ᠤᠨ ᠳᠤ ᠰᠢᠯᠢ ᠶᠢᠨ ᠭᠤᠤᠯ ᠠᠶᠢᠮᠠᠭ ᠤᠨ ᠪᠦᠬᠡ ᠶᠢᠨ ᠨᠡᠶᠢᠭᠡᠮᠯᠢᠭ ᠪᠠᠶᠢᠭᠤᠯᠤᠭᠳᠠᠬᠤ ᠳᠤ ᠨᠡᠶᠢᠭᠡᠮᠯᠢᠭ ᠤᠨ ᠳᠡᠳ᠋ ᠳᠠᠷᠤᠭ᠎ᠠ ᠪᠤᠯᠤᠭᠠᠳ ᠤᠳᠤ ᠬᠦᠷᠴᠤ ᠪᠠᠶᠢᠨ᠎ᠠ᠃     ᠳᠤᠮᠳᠠᠳᠤ ᠮᠠᠶ᠋ᠢᠭ ᠤᠨ ᠪᠦᠬᠡ ᠪᠠᠷ ᠭᠤᠤᠯᠯᠠᠨ ᠪᠠᠷᠢᠯᠳᠤᠵᠤ ᠪᠠᠶᠢᠭᠰᠠᠠ ᠪᠤᠯᠬᠤᠷ ᠲᠡᠷᠡ ᠤᠷᠤᠯᠳᠤᠭᠠᠨ ᠪᠤᠯᠬᠤ ᠪᠦᠷᠢ ᠪᠡᠶ᠎ᠡ ᠶᠢᠨ ᠬᠦᠨᠳᠦ ᠪᠠᠨ ᠵᠤᠬᠢᠴᠠᠭᠤᠯᠬᠤ ᠭᠡᠵᠤ ᠬᠡᠳᠦᠨ ᠡᠳᠦᠷ ᠢᠶᠠᠷ ᠬᠤᠭᠤᠯᠠ ᠪᠤᠳᠠᠭ᠎ᠠ ᠢᠳᠡᠯ ᠦᠭᠡᠢ ᠬᠠᠷ᠎ᠠ ᠤᠰᠤ ᠤᠤᠭᠤᠵᠤ᠂ ᠨᠡᠯᠢᠶᠡᠳ ᠤᠯᠠᠨ ᠵᠢᠯ ᠢᠶᠠᠷ ᠹᠢᠽᠢᠦᠯᠤᠭᠢ ᠶᠢᠨ ᠵᠦᠢ ᠪᠠᠨ ᠠᠯᠳᠠᠨ ᠶᠠᠪᠤᠭᠰᠠᠠ ᠠᠴᠠ 2000 ᠤᠨ ᠳᠤ ᠬᠤᠲᠤᠭᠤᠳᠤᠨ ᠦᠮᠡᠨ ᠳᠤ ᠨᠡᠷᠪᠡᠭᠳᠡᠭᠰᠡᠡ ᠪᠠᠶᠢᠯ᠎ᠠ᠃ 2006 ᠤᠨ ᠠᠴᠠ ᠲᠡᠷᠡ ᠰᠢᠯᠢ ᠶᠢᠨ ᠭᠤᠤᠯ ᠠᠶᠢᠮᠠᠭ ᠤᠨ ᠦᠨᠳᠦᠰᠦᠲᠡᠨ ᠤ ᠲᠠᠮᠢᠷ ᠤᠨ ᠰᠤᠷᠭᠠᠭᠤᠯᠢ ᠶᠢᠨ ᠵᠠᠬᠢᠷᠤᠯ ᠢᠶᠠᠷ ᠠᠵᠢᠯᠯᠠᠵᠤ᠂ 2012 ᠤᠨ ᠳᠤ ᠲᠤᠰ ᠰᠤᠷᠭᠠᠭᠤᠯᠢ ᠶᠢ ᠰᠢᠯᠢ ᠶᠢᠨ ᠭᠤᠤᠯ ᠠᠶᠢᠮᠠᠭ ᠤᠨ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠲᠠᠢ ᠨᠡᠶᠢᠯᠡᠭᠦᠯᠦᠭᠰᠡᠡ ᠤ ᠳᠠᠷᠠᠭ᠎ᠠ ᠪᠡᠶ᠎ᠡ ᠠᠨᠠᠢ ᠪᠤᠯᠤᠭᠰᠠᠠ ᠪᠠᠶᠢᠳᠠᠯ ᠢᠶᠠᠨ ᠦᠨᠳᠦᠰᠦᠯᠡᠭᠡᠳ ᠲᠤᠰᠢᠶᠠᠯ ᠢᠶᠠᠨ ᠰᠤᠯᠠᠯᠠᠨ ᠦᠭᠴᠤ ᠵᠢᠭᠠᠨ ᠰᠤᠷᠭᠠᠯᠲᠠ ᠶᠢᠨ ᠬᠢᠨᠠᠨ ᠪᠠᠶᠢᠴᠠᠭᠠᠬᠤ ᠲᠠᠰᠤᠭ ᠲᠤ ᠠᠵᠢᠯᠯᠠᠭᠰᠠᠠ ᠠᠵᠢ᠃ ᠪᠦᠬᠡ ᠪᠠᠷ ᠡᠷ᠎ᠡ ᠶᠢᠨ ᠬᠡᠶᠢᠮᠤᠷᠢ ᠪᠠᠨ ᠮᠠᠨᠳᠤᠭᠤᠯᠵᠤ᠂ ᠪᠦᠬᠡ ᠪᠠᠷ ᠦᠢᠯᠡᠰ ᠬᠦᠭᠡᠭᠡᠴᠡᠯᠳᠦᠯ ᠢᠶᠠᠨ ᠪᠤᠯᠭᠠᠵᠤ ᠢᠷᠡᠭᠰᠡᠡ ᠬᠦᠮᠦᠨ ᠭᠡᠵᠤ ᠴᠤᠬᠤᠮ ᠡᠨᠡ ᠬᠦᠮᠦᠨ ᠪᠠᠶᠢᠵᠠᠢ᠃ ︽ᠤᠷᠴᠢᠮ ᠤᠨ ᠵᠢᠯ ᠤᠳ ᠠᠴᠠ ᠮᠤᠩᠭᠤᠯ ᠪᠦᠬᠡ ᠶᠡᠭᠡ ᠬᠦᠭᠵᠢᠵᠡᠢ᠂ ᠨᠠᠮ ᠵᠠᠰᠠᠭ ᠠᠴᠠ ᠦᠨᠳᠦᠰᠦᠲᠡᠨ ᠤ ᠰᠤᠶᠤᠯ ᠢᠶᠠᠨ ᠤᠯᠠᠮᠵᠢᠯᠠᠵᠤ ᠵᠠᠯᠭᠠᠮᠵᠢᠯᠠᠬᠤ ᠶᠢ ᠶᠡᠭᠡ ᠬᠦᠨᠳᠦᠳᠭᠡᠬᠦ ᠪᠤᠯᠵᠤ ᠪᠠᠶᠢᠨ᠎ᠠ ᠂ ᠪᠦᠬᠦ ᠠᠷᠠᠳ ᠤᠨ ᠪᠡᠶ᠎ᠡ ᠪᠠᠨ ᠴᠢᠬᠢᠷᠠᠭᠵᠢᠭᠤᠯᠬᠤ ᠶᠢ ᠤᠷᠢᠶᠠᠯᠠᠵᠤ ᠪᠠᠶᠢᠨ᠎ᠠ᠃ ᠳᠠᠬᠢᠪᠠᠯ ᠠᠵᠤ ᠠᠬᠤᠢ ᠬᠦᠭᠵᠢᠵᠤ ᠠᠷᠠᠳ ᠤᠨ ᠠᠮᠢᠳᠤᠷᠠᠯ ᠰᠠᠶᠢᠵᠢᠷᠠᠭᠰᠠᠠ ᠠᠴᠠ ᠬᠤᠪᠢ ᠪᠠᠷ ᠢᠶᠠᠨ ᠨᠠᠶᠢᠷ ᠨᠠᠭᠠᠳᠤᠮ ᠡᠷᠬᠢᠯᠡᠬᠦ ᠬᠦᠮᠦᠨ ᠤᠯᠠᠨ ᠪᠤᠯᠵᠤ ᠪᠠᠶᠢᠨ᠎ᠠ᠂ ᠨᠠᠶᠢᠷ ᠤᠨ ᠱᠠᠩ ᠴᠤ ᠦᠨᠳᠦᠷ ᠪᠤᠯᠤᠭᠰᠠᠠ᠂ ᠰᠤᠷᠢᠭ᠎ᠠ ᠪᠤᠯᠪᠠᠰᠤᠷᠠᠯ ᠳᠠᠭᠠᠨ ᠰᠢᠮᠳᠠᠬᠤ ᠵᠠᠯᠠᠭᠤ ᠪᠦᠭᠡ ᠤᠯᠠᠨ ᠪᠤᠯᠤᠭᠰᠠᠠ᠃ ᠡᠨᠡ ᠴᠢᠨᠢ ᠪᠦᠷ ᠪᠦᠬᠡ ᠶᠢᠨ ᠰᠤᠶᠤᠯ ᠪᠦᠬᠡ ᠶᠢᠨ ᠦᠢᠯᠡᠰ ᠬᠦᠭᠵᠢᠬᠦ ᠳᠤ ᠰᠠᠶᠢᠨ ᠤᠷᠴᠢᠨ ᠨᠦᠬᠦᠴᠡᠯ ᠪᠤᠯᠵᠤ ᠦᠭᠴᠤ ᠪᠠᠶᠢᠨ᠎ᠠ ᠰᠢᠤ︾ ᠭᠡᠵᠤ ᠴᠠᠭᠠᠨᠵᠠᠭᠠᠨ ᠤᠳᠤᠬᠢ ᠪᠠᠶᠢᠳᠠᠯ ᠢ ᠦᠪᠡᠷ ᠤᠨ ᠪᠠᠷᠢᠯᠳᠤᠵᠤ ᠪᠠᠶᠢᠭᠰᠠᠠ ᠦᠶ᠎ᠡ ᠶᠢᠨ ᠬᠢ ᠲᠠᠢ ᠬᠠᠷᠢᠴᠠᠭᠤᠯᠤᠨ ᠱᠠᠭᠰᠢᠨ ᠶᠠᠷᠢᠨ᠎ᠠ᠃     ᠲᠡᠶᠢᠮᠦ ᠳ᠋ᠠ᠂ ᠦᠡᠭᠭᠡᠷᠡᠭᠰᠡᠡ ᠳᠤ ᠪᠤᠯ ᠨᠠᠷᠠ ᠬᠤᠷ᠎ᠠ ᠲᠡᠩᠴᠡᠵᠤ ᠮᠠᠯ ᠰᠦᠷᠦᠭ ᠦᠨᠢᠷ ᠦᠰᠦᠭᠰᠡᠡ ᠦᠩ ᠲᠠᠢ ᠰᠠᠶᠢᠨ ᠵᠢᠯ ᠳᠤ ᠰᠠᠶ᠋ᠢ ᠬᠤᠰᠢᠭᠤ ᠨᠠᠶᠢᠷ ᠰᠤᠮᠤᠨ ᠨᠠᠶᠢᠷ ᠭᠡᠵᠤ ᠠᠯᠪᠠᠨ ᠠᠴᠠ ᠡᠷᠬᠢᠯᠡᠨ ᠬᠢᠵᠤ ᠪᠠᠶᠢᠯ᠎ᠠ᠃ ᠤᠳᠤ ᠴᠢᠨᠢ ᠤᠪᠤᠭ᠎ᠠ ᠲᠠᠬᠢᠯᠭ᠎ᠠ ᠭᠡᠳ ᠭᠠᠴᠠᠭ᠎ᠠ ᠲᠤᠭᠤᠢᠢᠯᠠᠩ ᠬᠤᠲᠠ ᠤᠰᠤ ᠪᠠᠷ ᠢᠶᠠᠨ ᠨᠠᠶᠢᠷ ᠨᠠᠭᠠᠳᠤᠮ ᠡᠷᠬᠢᠯᠡᠨ᠎ᠡ᠂ ᠨᠠᠰᠤᠲᠠᠨ ᠤ ᠨᠠᠰᠤᠨ ᠪᠠᠶᠠᠷ᠂ ᠵᠢᠯ ᠤᠨ ᠪᠠᠶᠠᠷ ᠭᠡᠳ ᠬᠤᠪᠢ ᠪᠠᠷ ᠢᠶᠠᠨ ᠨᠠᠶᠢᠷ ᠨᠠᠭᠠᠳᠤᠮ ᠡᠷᠬᠢᠯᠡᠨ᠎ᠡ᠃ ᠨᠠᠶᠢᠷ ᠤᠨ ᠱᠠᠩ ᠴᠤ ᠵᠢᠯ ᠠᠴᠠ ᠵᠢᠯ ᠦᠨᠳᠦᠷ ᠪᠤᠯᠵᠤ᠂ ᠶᠡᠭᠡ ᠬᠡᠪᠴᠢᠶᠡᠨ ᠤ ᠨᠠᠶᠢᠷ ᠲᠤ ᠲᠡᠷᠢᠭᠦᠨ ᠱᠠᠩ 20 ᠲᠦᠮᠡ᠂ 30 ᠲᠦᠮᠡᠨ ᠲᠦᠭᠦᠷᠢᠭ ᠬᠦᠷᠬᠦ ᠴᠢᠨᠢ ᠰᠤᠨᠢᠨ ᠶᠠᠪᠤᠳᠠᠯ ᠪᠢᠰᠢ ᠪᠤᠯᠪᠠ᠃ ᠴᠠᠭᠠᠨᠵᠠᠭᠠᠨ ᠢ ᠪᠠᠷᠢᠯᠳᠤᠵᠤ ᠪᠠᠶᠢᠭᠰᠠᠠ ᠲᠡᠷᠡ ᠦᠶᠡᠰ ᠲᠡᠷᠢᠭᠦᠨ ᠱᠠᠩ ᠢ ᠲᠡᠮᠡᠭᠡ᠂ ᠮᠤᠷᠢ᠂ ᠬᠤᠨᠢ ᠭᠡᠳ ᠶᠢᠰᠦ ᠶᠢᠰᠦ ᠨᠠᠶᠠᠨ ᠨᠢᠭᠡ ᠶᠢᠨ ᠪᠡᠯᠡᠭ ᠢᠶᠠᠷ ᠱᠠᠩᠨᠠᠵᠤ᠂ ᠡᠨᠡ ᠱᠠᠩ ᠢ ᠲᠡᠷᠡ 7 ᠤᠳᠠᠭ᠎ᠠ ᠲᠤᠰᠤᠭᠰᠠᠠ ᠭᠡᠨ᠎ᠡ ᠪᠢᠯᠡ᠂ ᠲᠡᠷᠡ ᠦᠶ᠎ᠡ ᠶᠢᠨ ᠲᠡᠷᠢᠭᠦᠨ ᠱᠠᠩ ᠤᠨ ᠲᠡᠮᠡᠭᠡ ᠮᠢᠩᠭᠠᠨ ᠲᠦᠭᠦᠷᠢᠭ ᠬᠦᠷᠬᠦ ᠦᠭᠡᠢ ᠪᠠᠶᠢᠭᠰᠠᠠ ᠭᠡᠳᠡᠭ᠃ ᠲᠡᠭᠦᠨ ᠤ ᠬᠡᠯᠡᠭᠰᠡᠡ ᠪᠠᠰᠠ ᠨᠢᠭᠡᠨ ᠬᠤᠪᠢᠷᠠᠯᠲᠠ ᠭᠡᠪᠡᠯ᠂ ᠪᠦᠬᠡ ᠶᠢ ᠮᠡᠲᠡᠬᠦ᠂ ᠪᠦᠬᠡ ᠶᠢᠨ ᠤᠷ᠎ᠠ ᠮᠡᠷᠭᠡᠵᠢᠯ ᠢ ᠦᠵᠡᠵᠤ ᠭᠠᠷᠬᠤ᠂ ᠪᠦᠬᠡ ᠶᠢᠨ ᠬᠠᠷᠢᠭᠤᠴᠠᠯᠭ᠎ᠠ ᠲᠠᠢ ᠪᠠᠷᠢᠯᠳᠤᠵᠤ ᠪᠠᠶᠢᠬᠤ ᠡᠰᠡᠬᠦ ᠶᠢ ᠦᠵᠡᠵᠤ ᠭᠠᠷᠬᠤ ᠦᠵᠡᠭᠴᠢ ᠤᠯᠠᠨ ᠪᠤᠯᠵᠤ᠂ ᠬᠡᠨ ᠨᠢ ᠬᠡᠨ ᠲᠠᠢ ᠪᠠᠷᠢᠯᠳᠤᠬᠤ ᠳᠠᠭᠠᠨ ᠶᠠᠭᠠᠬᠢᠵᠤ ᠪᠠᠷᠢᠯᠳᠤᠭᠰᠠᠠ ᠪᠤᠯ ᠵᠤᠬᠢᠬᠤ ᠪᠠᠶᠢᠭᠰᠠᠠ ᠵᠡᠷᠭᠡ ᠶᠢ ᠰᠢᠭᠦᠮᠵᠢᠯᠡᠨ ᠶᠠᠷᠢᠯᠴᠠᠬᠤ ᠪᠤᠯᠵᠤ᠂ ᠦᠵᠡᠭᠴᠢᠳ ᠤᠨ ᠱᠠᠭᠠᠷᠳᠠᠯᠭ᠎ᠠ ᠦᠨᠳᠦᠷ ᠪᠤᠯᠤᠭᠰᠠᠠ ᠠᠵᠢ᠃ ᠮᠠᠨ ᠤ ᠮᠤᠩᠭᠤᠯᠴᠤᠳ ᠪᠦᠬᠡ ᠳᠤ ᠪᠠᠭ᠋ᠠᠲᠠᠢ᠂ ᠪᠦᠬᠡ ᠳᠤ ᠬᠠᠶᠢᠷᠠᠲᠠᠢ ᠪᠠᠷ ᠢᠶᠠᠨ ᠤᠯᠠᠮᠵᠢᠯᠠᠯ ᠲᠠᠢ ᠶᠤᠮ᠃ ᠰᠠᠶᠢᠨ ᠪᠦᠬᠡ ᠶᠢ ᠪᠠᠭ᠋ᠠᠷᠬᠠᠵᠤ᠂ ᠬᠡᠤᠬᠡᠳ ᠲᠡᠭᠦᠤᠨᠡᠷ ᠢᠶᠠᠨ ᠰᠠᠶᠢᠨ ᠪᠦᠬᠡ ᠪᠤᠯᠭᠠᠬᠤ ᠪᠠᠷ ᠰᠤᠷᠢᠭ᠎ᠠ ᠪᠤᠯᠪᠠᠰᠤᠷᠠᠯ ᠢ ᠨᠢ ᠱᠠᠭᠠᠷᠳᠠᠳᠠᠭ᠂ ᠵᠠᠷᠢᠮ ᠨᠢ ᠬᠦᠤ ᠲᠠᠢ ᠪᠤᠯᠪᠠᠯ ᠬᠤᠵᠢᠮ ᠰᠠᠶᠢᠨ ᠪᠦᠬᠡ ᠪᠤᠯᠬᠤ ᠶᠢ ᠪᠡᠯᠭᠡᠳᠡᠭᠡᠳ ᠠᠪᠤᠷᠭᠤ ᠪᠦᠬᠡᠴᠤᠤᠯ ᠤᠨ ᠨᠡᠷ᠎ᠡ ᠪᠠᠷ ᠨᠡᠷ᠎ᠡ ᠦᠭᠳᠡᠭ ᠴᠤ ᠪᠤᠢ᠃ ᠡᠳᠦᠭᠡ ᠰᠢᠯᠢ ᠶᠢᠨ ᠭᠤᠤᠯ ᠢᠶᠠᠷ ᠤᠪᠤᠭ᠎ᠠ ᠵᠦᠭᠡᠷ ᠪᠠᠷᠢᠯᠳᠤᠵᠤ ᠪᠠᠶᠢᠭ᠎ᠠ ︽ᠴᠠᠭᠠᠨᠵᠠᠭᠠᠨ︾ ᠭᠡᠭᠴᠢ ᠨᠡᠷ᠎ᠡ ᠲᠠᠢ ᠪᠦᠭᠡ ᠲᠠᠪᠤ ᠵᠢᠷᠭᠤᠭ᠎ᠠ ᠭᠠᠷᠤᠭᠠᠳ ᠪᠠᠶᠢᠭ᠎ᠠ ᠨᠢ ᠡᠭᠦᠨ ᠤ ᠭᠡᠷᠡᠴᠢ ᠭᠡᠯᠲᠡᠢ᠃ ᠮᠢ᠊ ᠰᠤᠶᠤᠯ ᠵᠡᠷᠭᠡ ᠨᠡᠷᠡᠲᠦ ᠪᠦᠬᠡ ᠶᠢ ᠤᠯᠤᠰ ᠤᠨ ᠠᠵᠢᠯᠲᠠᠨ ᠤ ᠤᠷᠤᠨ ᠲᠤᠭ᠎ᠠ ᠲᠠᠢ ᠪᠤᠯᠭᠠᠵᠤ ᠬᠤᠲᠠ ᠶᠢᠨ ᠡᠷᠦᠬᠡ ᠠᠮᠠ ᠶᠢᠨ ᠳᠠᠩᠰᠠ ᠳᠤ ᠤᠷᠤᠭᠤᠯᠬᠤ ᠶᠠᠪᠤᠳᠠᠯ ᠤᠨ ᠭᠠᠷ ᠭᠦᠢᠴᠡᠳᠭᠡᠯ ᠢ ᠬᠢᠬᠦ ᠲᠡᠷᠡ ᠤᠳᠠᠭ᠎ᠠ ᠴᠠᠭᠠᠨᠵᠠᠭᠠᠨ ᠲᠤᠲᠤᠭᠠᠳᠤ ᠶᠢ ᠬᠠᠮᠠᠭᠠᠯᠠᠬᠤ ᠲᠤᠮᠢᠯᠠᠭᠰᠠᠠ ᠰᠠᠯᠪᠤᠷᠢ ᠠᠴᠠ ︽ᠴᠠᠭᠠᠨᠵᠠᠭᠠᠨ︾ ᠭᠡᠬᠦ ᠨᠡᠷ᠎ᠡ ᠲᠠᠢ ᠬᠦᠮᠦᠨ ᠪᠠᠭᠠᠬᠠᠨ ᠪᠠᠶᠢᠭᠰᠠᠠ ᠢ ᠤᠯᠵᠤ ᠬᠠᠷᠠᠭᠰᠠᠠ ᠭᠡᠳᠡᠭ ᠪᠢᠯᠡ᠃     ᠪᠦᠬᠡ ᠶᠢᠨ ᠰᠤᠶᠤᠯ᠂ ᠪᠦᠬᠡ ᠶᠢᠨ ᠦᠢᠯᠡᠰ ᠬᠦᠭᠵᠢᠵᠤ ᠪᠠᠶᠢᠨ᠎ᠠ᠂ ᠭᠡᠪᠡᠴᠤ ᠬᠡᠷᠬᠢᠨ ᠡᠷᠡᠭᠦᠯ ᠢᠶᠠᠷ ᠬᠦᠭᠵᠢᠬᠦ᠂ ᠳᠦᠷᠢᠮᠵᠢᠯ ᠲᠠᠢ ᠬᠦᠭᠵᠢᠬᠦ ᠭᠡᠬᠦ ᠠᠰᠠᠭᠤᠳᠠᠯ ᠲᠤᠯᠭᠠᠷᠠᠵᠤ ᠪᠠᠶᠢᠨ᠎ᠠ ᠭᠡᠵᠤ ᠴᠠᠭᠠᠨᠵᠠᠭᠠᠨ ᠶᠠᠷᠢᠨ᠎ᠠ᠃ ᠰᠢᠯᠢ ᠶᠢᠨ ᠭᠤᠤᠯ ᠠᠶᠢᠮᠠᠭ ᠤᠨ ᠪᠦᠬᠡ ᠶᠢᠨ ᠠᠩᠭᠢ ᠶᠢᠨ ᠳᠡᠳ᠋ ᠳᠠᠷᠤᠭ᠎ᠠ᠂ ᠪᠦᠬᠡ ᠶᠢᠨ ᠨᠡᠶᠢᠭᠡᠮᠯᠢᠭ ᠤᠨ ᠳᠡᠳ᠋ ᠳᠠᠷᠤᠭ᠎ᠠ ᠪᠤᠯᠵᠤ ᠂ ᠪᠦᠬᠡ ᠶᠢᠨ ᠰᠤᠷᠢᠭ᠎ᠠ ᠪᠤᠯᠪᠠᠰᠤᠷᠠᠯ ᠢ ᠬᠠᠮᠢᠶᠠᠷᠤᠭᠰᠠᠠ ᠠᠴᠠ ᠨᠠᠰᠢ ᠲᠡᠷᠡ ᠡᠨᠡ ᠲᠤᠬᠠᠢ ᠠᠩᠬᠠᠷᠴᠤ ᠡᠬᠢᠯᠡᠵᠤ᠂ ᠳᠦᠷᠢᠮᠵᠢᠭᠦᠯᠬᠦ ᠭᠡᠬᠦ ᠠᠰᠠᠭᠤᠳᠠᠯ ᠤᠨ ᠲᠤᠭᠤᠷᠢᠨ ᠳᠤ ᠤᠯᠠᠨ ᠤᠷᠤᠯᠳᠤᠯᠭ᠎ᠠ ᠬᠢᠵᠤ ᠶᠡᠭᠡ ᠴᠢᠷᠮᠠᠶᠢᠯᠭ᠎ᠠ ᠭᠠᠷᠭᠠᠭᠰᠠᠠ ᠪᠠᠶᠢᠪᠠ᠃ ᠪᠦᠬᠡ ᠶᠢ ᠲᠠᠯᠠᠪᠠᠢ ᠳᠤ ᠤᠷᠤᠬᠤ ᠲᠠᠯᠠᠪᠠᠢ ᠠᠴᠠ ᠭᠠᠷᠬᠤ ᠳᠤ ᠪᠦᠷ ᠪᠦᠬᠡ ᠶᠢᠨ ᠬᠤᠪᠴᠠᠰᠦ ᠵᠠᠰᠠᠯ ᠢ ᠨᠢ ᠡᠮᠦᠰᠦᠭᠦᠯᠬᠦ᠂ ᠪᠦᠬᠡ ᠶᠢᠨ ᠶᠤᠰᠦ ᠵᠢᠷᠤᠮ ᠢᠶᠠᠷ ᠭᠦᠢᠴᠡᠳᠭᠡᠬᠦ ᠶᠢ ᠱᠠᠭᠠᠷᠳᠠᠬᠤ ᠪᠤᠯᠵᠤ᠂ ᠳᠦᠷᠢᠮ ᠢ ᠡᠰᠡ ᠳᠠᠭᠠᠪᠠᠯ ᠤᠷᠤᠯᠴᠠᠬᠤ ᠡᠷᠬᠡ ᠶᠢ ᠨᠢ ᠬᠠᠰᠤᠬᠤ ᠪᠤᠯᠭᠠᠭᠰᠠᠠ ᠭᠡᠳᠡᠭ᠃ ︽ᠮᠤᠩᠭᠤᠯ ᠪᠦᠬᠡ ᠭᠡᠳᠡᠭ ᠴᠢᠨᠢ ᠮᠤᠩᠭᠤᠯ ᠰᠤᠶᠤᠯ ᠤᠨ ᠲᠦᠯᠦᠭᠡᠯᠡᠬᠦ ᠴᠢᠨᠠᠷᠲᠠᠢ ᠦᠪ ᠰᠤᠶᠤᠯ᠂ ᠮᠤᠩᠭᠤᠯ ᠬᠦᠮᠦᠨ ᠤ ᠴᠤᠭ ᠵᠢᠪᠬᠤᠭ᠎ᠠ ᠶᠢ ᠪᠠᠲᠠᠷᠠᠭᠠᠬᠤ ᠰᠤᠶᠤᠯ ᠪᠠᠶᠢᠭ᠎ᠠ᠂ ᠪᠦᠬᠡ ᠶᠢᠨ ᠬᠤᠪᠴᠠᠰᠦ ᠵᠠᠰᠠᠯ᠂ ᠠᠷᠰᠯᠠᠨ ᠪᠠᠷᠰ ᠤᠨ ᠮᠠᠭᠰᠢᠯᠭ᠎ᠠ ᠲᠡᠪᠢᠯᠭᠡ ᠪᠠᠷ ᠢᠶᠠᠨ ᠮᠤᠩᠭᠤᠯ ᠪᠦᠬᠡ ᠶᠢᠨ ᠰᠦᠷ ᠰᠦᠯᠳᠡ ᠶᠢ ᠭᠠᠶᠢᠬᠠᠭᠤᠯᠳᠠᠭ ᠪᠢᠰᠢᠤ︕︾ ᠭᠡᠵᠤ ᠴᠠᠭᠠᠨᠵᠠᠭᠠᠨ ᠶᠠᠷᠢᠵᠤ ᠪᠠᠶᠢᠯ᠎ᠠ᠃ ᠪᠦᠬᠡ ᠶᠢᠨ ᠵᠤᠳᠤᠭ᠂ ᠦᠮᠦᠳᠦ᠂ ᠭᠤᠲᠤᠯ ᠨᠤᠲᠤᠭ ᠨᠤᠲᠤᠭ ᠤᠨ ᠢᠶᠠᠨ ᠤᠨᠴᠠᠯᠢᠭ ᠲᠠᠢ ᠨᠢ ᠮᠡᠳᠡᠭᠡᠵᠢ᠂ ᠭᠡᠬᠦ ᠳᠤ ᠤᠳᠤ ᠴᠢᠨᠢ ᠵᠤᠳᠤᠭ ᠢ ᠦᠪᠡᠷ ᠢᠶᠠᠨ ᠬᠢᠬᠦ ᠪᠤᠯᠤᠭᠰᠠᠠ ᠪᠦᠭᠡᠳ ᠬᠠᠨᠴᠤᠢ ᠶᠢ ᠭᠠᠷ ᠤᠷᠤᠭᠤᠯᠬᠤ ᠵᠠᠢ ᠵᠠᠪᠰᠠᠷ ᠦᠭᠡᠢ ᠪᠠᠷ᠂ ᠪᠦᠰᠡ ᠶᠢ ᠠᠳᠬᠤᠵᠤ ᠳᠡᠶᠢᠯᠬᠦ ᠦᠭᠡᠢ ᠪᠠᠷ᠂ ᠰᠡᠡᠴᠢᠭ ᠢ ᠶᠡᠭᠡ ᠦᠷᠭᠡᠨ ᠢᠶᠠᠷ ᠬᠢᠵᠤ᠂ ᠪᠤᠯᠬᠤᠢᠢᠴᠠ ᠨᠦᠬᠦᠭᠡ ᠡᠲᠡᠭᠡᠳ ᠳᠡᠭᠡᠨ ᠪᠠᠷᠢᠴᠠ ᠪᠠᠷᠢᠭᠤᠯᠬᠤ ᠦᠭᠡᠢ ᠭᠡᠮᠡᠨ ᠪᠠᠷᠢᠮᠵᠢᠶ᠎ᠠ ᠪᠠᠷ ᠬᠢᠬᠦ ᠦᠭᠡᠢ ᠪᠤᠯᠵᠤ ᠪᠠᠶᠢᠨ᠎ᠠ᠃ ᠵᠤᠳᠤᠭ ᠢ ᠵᠠᠪᠠᠯ ᠪᠠᠷᠢᠮᠵᠢᠶᠠᠲᠦ ᠵᠤᠳᠤᠭ ᠬᠢᠬᠦ ᠬᠡᠷᠡᠭᠲᠡᠢ ᠪᠤᠯᠵᠤ ᠪᠠᠶᠢᠨ᠎ᠠ᠃ ᠳᠠᠭᠢᠪᠠᠯ ᠭᠠᠵᠠᠷ ᠭᠠᠵᠠᠷ ᠤᠨ ᠪᠦᠬᠡ ᠶᠢᠨ ᠠᠪᠲᠠᠯ ᠪᠠᠷᠢᠳᠠᠯ ᠤᠨᠳᠤᠤ᠂ ᠬᠦᠯᠦᠨ ᠪᠤᠶᠢᠷ ᠤᠨ ᠬᠢ ᠪᠠᠷ ᠠᠪᠤᠭᠠᠳ ᠬᠡᠯᠡᠬᠦ ᠳᠤ ᠰᠢᠭᠤᠳ ᠢᠰᠭᠦᠯᠳᠡᠭ᠂ ᠢᠡᠭᠭᠢᠭᠡᠳ ᠨᠤᠲᠤᠭ ᠨᠤᠲᠤᠭ ᠤᠨ ᠬᠢ ᠬᠤᠭᠤᠷᠤᠨᠳᠦ ᠬᠡᠷᠡᠭᠦᠯ ᠪᠤᠯᠳᠠᠭ᠂ ᠡᠶᠢᠨᠬᠦ ᠢᠰᠭᠦᠯᠪᠡᠯ ᠲᠤᠷᠭᠠᠬᠤ ᠪᠠᠷ ᠪᠤᠯᠵᠤ ᠳᠦᠷᠢᠮᠵᠢᠯ ᠲᠠᠢ ᠪᠠᠷ ᠪᠠᠷᠢᠯᠳᠤᠭᠤᠯᠬᠤ ᠪᠤᠯᠤᠭᠰᠠᠠ ᠭᠡᠵᠤ ᠴᠠᠭᠠᠨᠵᠠᠭᠠᠨ ᠪᠤᠲᠠᠲᠠᠢ ᠵᠢᠱᠢᠶ᠎ᠡ ᠲᠠᠲᠠᠨ ᠶᠠᠷᠢᠪᠠ᠃ ᠪᠦᠬᠡ ᠶᠢᠨ ᠤᠨᠤᠭ᠎ᠠ ᠲᠠᠭᠠᠷᠠᠭᠤᠯᠬᠤ ᠭᠡᠵᠤ ᠭᠤᠤᠯᠴᠢ᠂ ᠡᠷᠬᠡ ᠲᠡᠭᠰᠢ᠂ ᠰᠢᠨᠵᠢᠯᠡᠬᠦ ᠤᠬᠠᠭᠠᠨᠴᠢ ᠪᠠᠶᠢᠬᠤ ᠡᠰᠡᠬᠦ ᠶᠢ ᠰᠢᠯᠭᠠᠳᠠᠭ᠃ ᠤᠨᠤᠭ᠎ᠠ ᠲᠠᠭᠠᠷᠠᠭᠤᠯᠬᠤ ᠳᠤ ᠤᠷᠤᠰᠢᠵᠤ ᠪᠠᠶᠢᠭ᠎ᠠ ᠵᠤᠬᠢᠰ ᠦᠭᠡᠢ ᠲᠠᠯ᠎ᠠ ᠶᠢ ᠦᠭᠡᠷᠡᠴᠢᠯᠡᠵᠤ ᠬᠤᠪᠢᠷᠠᠭᠤᠯᠬᠤ ᠭᠡᠵᠤ ᠴᠠᠭᠠᠨᠵᠠᠭᠠᠨ ᠨᠠᠷ ᠪᠦᠭᠡ ᠶᠢᠨ ᠴᠤᠯᠠ ᠤᠯᠭᠤᠬᠤ ᠨᠠᠶᠢᠷ ᠢ ᠰᠡᠳᠦᠨ ᠬᠢᠵᠤ᠂ ᠳᠡᠭᠡᠳᠦ ᠳᠡᠰ ᠤᠨ ᠪᠦᠬᠡ ᠶᠢ ᠲᠤᠤᠷᠠᠲᠦ ᠲᠡᠰ ᠤᠨ ᠪᠦᠬᠡ ᠲᠠᠢ ᠬᠠᠷᠭᠤᠭᠤᠯᠵᠤ᠂ ᠨᠤᠭᠤᠯᠤᠭ᠎ᠠ ᠳᠠᠪᠠᠵᠤ ᠲᠡᠰ ᠲᠡᠪᠰᠢᠬᠦ ᠦᠷᠢᠰᠦᠯᠳᠦᠭᠡᠨ ᠢ ᠡᠷᠬᠡ ᠲᠡᠭᠰᠢ ᠪᠤᠯᠭᠠᠭᠰᠠᠠ ᠭᠡᠳᠡᠭ᠃     ᠴᠠᠭᠠᠨᠵᠠᠭᠠᠨ ᠤ ᠪᠠᠰᠠ ᠨᠢᠭᠡᠨ ᠤᠷᠤᠯᠳᠤᠯᠭ᠎ᠠ ᠰᠦᠪᠡᠭᠴᠢᠯᠡᠯ ᠭᠡᠪᠡᠯ ᠮᠤᠩᠭᠤᠯ ᠪᠦᠬᠡ ᠶᠢ ᠵᠠᠬ᠎ᠠ ᠳᠡᠯᠭᠡᠭᠦᠷ ᠲᠠᠢ ᠤᠶᠠᠯᠳᠤᠭᠤᠯᠤᠨ ᠠᠵᠤ ᠦᠢᠯᠡᠰᠵᠢᠭᠦᠯᠦᠨ ᠬᠦᠭᠵᠢᠭᠦᠯᠬᠦ ᠠᠷᠭ᠎ᠠ ᠵᠠᠮ ᠢ ᠬᠠᠶᠢᠨ ᠰᠤᠪᠢᠭᠰᠠᠠ ᠶᠠᠪᠤᠳᠠᠯ ᠪᠠᠶᠢᠯ᠎ᠠ᠃ 2001 ᠤᠨ ᠳᠤ ᠲᠡᠷᠡ ᠬᠦᠪᠡᠭᠡᠲᠦ ᠰᠢᠷ᠎ᠠ ᠬᠤᠰᠢᠭᠤᠨ ᠳᠤ ︽ᠴᠠᠭᠠᠨᠵᠠᠭᠠᠨ ᠬᠤᠨᠳᠠᠭᠠᠳᠦ︾ ᠮᠤᠩᠭᠤᠯ ᠪᠦᠬᠡ ᠶᠢᠨ ᠱᠠᠩᠨᠠᠯᠲᠦ ᠤᠷᠤᠯᠳᠤᠭᠠᠨ ᠢ ᠰᠡᠳᠦᠵᠤ ᠬᠢᠭᠰᠡᠡ ᠪᠠᠶᠢᠪᠠ᠃ ᠡᠭᠦᠨ ᠤ ᠳᠠᠷᠠᠭᠠᠪᠠᠷ ᠮᠤᠩᠭᠤᠯ ᠪᠦᠬᠡ ᠶᠢᠨ ᠴᠤᠯᠠ ᠤᠯᠭᠤᠬᠤ ᠤᠷᠤᠯᠳᠤᠭᠠᠨ᠂ ᠶᠡᠭᠡ ᠱᠠᠩᠨᠠᠯᠲᠦ ᠤᠷᠤᠯᠳᠤᠭᠠᠨ ᠭᠡᠭᠦᠴᠢᠯᠡᠨ ᠰᠡᠳᠦᠵᠤ ᠬᠢᠭᠰᠡᠡ ᠪᠤᠯᠪᠠᠴᠤ ᠮᠦᠢᠩᠭᠦ ᠲᠦᠭᠦᠷᠢᠭ ᠬᠦᠷᠦᠯᠴᠡᠬᠦ ᠦᠭᠡᠢ ᠠᠴᠠ ᠵᠡᠭᠦᠨ ᠦᠵᠦᠮᠦᠴᠢᠨ᠂ ᠪᠠᠷᠠᠭᠤᠨ ᠦᠵᠦᠮᠦᠴᠢᠨ᠂ ᠰᠤᠷᠭᠠᠭᠤᠯᠢ ᠭᠡᠳ ᠲᠤᠰᠠᠯᠠᠮᠵᠢ ᠳᠡᠮᠵᠢᠯᠭᠡ ᠭᠤᠶᠤᠵᠤ ᠪᠠᠳᠢᠷᠯᠠᠨ ᠪᠠᠶᠢᠵᠤ ᠬᠢᠵᠤ᠂ ᠦᠢᠯᠡ ᠪᠠᠨ ᠪᠠᠷᠠᠵᠤ ᠦᠰᠦ ᠪᠠᠨ ᠲᠡᠭᠦᠵᠤ ᠪᠠᠶᠢᠭᠠᠳ ᠬᠡᠳᠦᠨ ᠵᠢᠯ ᠤᠨ ᠡᠮᠦᠨ᠎ᠡ ᠰᠠᠶ᠋ᠢ ᠵᠠᠷᠤᠳᠠᠯ ᠰᠦᠢᠳᠭᠡᠯ ᠤᠨ ᠲᠠᠯ᠎ᠠ ᠪᠠᠷ ᠠᠶᠢᠮᠠᠭ ᠤᠨ ᠲᠤᠰᠬᠠᠢ ᠲᠦᠯᠦᠪᠯᠡᠭᠡ ᠳᠤ ᠤᠯᠵᠤ ᠤᠷᠤᠭᠤᠯᠤᠭᠰᠠᠠ ᠠᠵᠢ᠃ ᠡᠳᠡᠭᠡᠷ ᠵᠢᠯ ᠳᠤ ᠨᠠᠶᠢᠷ ᠤᠯᠠᠰᠢᠷᠠᠵᠤ᠂ ᠨᠠᠶᠢᠷ ᠤᠨ ᠱᠠᠩ ᠦᠨᠳᠦᠷ ᠪᠤᠯᠤᠭᠰᠠᠠ ᠳᠤ ᠵᠠᠷᠢᠮ ᠪᠦᠬᠡᠴᠢᠳ ᠱᠠᠩ ᠢ ᠬᠠᠷᠠᠬᠤ ᠪᠤᠯᠤᠭᠰᠠᠠ᠂ ᠱᠠᠩᠨᠠᠯ ᠤᠨ ᠵᠦᠷᠢᠶ᠎ᠡ ᠬᠡᠳᠦ ᠶᠡᠭᠡ ᠪᠤᠯᠤᠭᠰᠠᠠ ᠠᠴᠠ ᠬᠠᠷᠢᠯᠴᠠᠨ ︽ᠮᠠᠶᠢᠮᠠᠢ ᠬᠢᠵᠤ︾ ᠱᠠᠩ ᠢᠶᠠᠨ ᠬᠤᠪᠢᠶᠠᠯᠴᠠᠵᠤ ᠦᠵᠡᠭᠴᠢᠳ ᠢ ᠲᠤᠷ᠎ᠠ ᠦᠭᠡᠶᠢᠴᠡᠭᠦᠯᠬᠦ ᠨᠠᠵᠠᠭᠠᠢ ᠦᠵᠡᠭᠳᠡᠯ ᠢᠯᠡᠷᠡᠵᠤ ᠪᠠᠶᠢᠭ᠎ᠠ ᠶᠢ ᠲᠡᠷᠡ ᠪᠠᠷ ᠨᠢᠭᠡᠨ ᠵᠡᠷᠭᠡ ᠰᠢᠭᠦᠮᠵᠢᠯᠡᠪᠡ᠃     ᠡᠨᠡ ᠪᠦᠬᠦᠢ ᠦᠡᠭᠭᠡᠷᠡᠯᠲᠡ ᠤᠴᠠᠷᠠᠯ ᠠᠴᠠ ᠪᠠᠨ ᠲᠡᠷᠡ᠄ ︽ᠪᠦᠬᠡ ᠶᠢᠨ ᠰᠤᠶᠤᠯ ᠪᠦᠬᠡ ᠶᠢᠨ ᠦᠢᠯᠡᠰ ᠢ ᠡᠷᠡᠭᠦᠯ ᠢᠢᠡᠷ ᠬᠦᠭᠵᠢᠭᠦᠯᠬᠦ ᠳᠤ᠂ ᠮᠠᠨ ᠤ ᠪᠦᠬᠡᠴᠢᠳ ᠪᠦᠬᠡ ᠶᠢᠨ ᠰᠤᠶᠤᠯ ᠢᠶᠠᠨ ᠬᠦᠨᠳᠦᠳᠭᠡᠬᠦ᠂ ᠠᠷᠠᠳ ᠲᠦᠮᠡᠨ ᠢᠶᠠᠨ ᠬᠦᠨᠳᠦᠳᠭᠡᠬᠦ᠂ ᠦᠵᠡᠭᠴᠢ ᠲᠦᠮᠡᠨ ᠢᠶᠠᠨ ᠪᠠᠶᠠᠰᠬᠠᠬᠤ ᠡᠭᠦᠳᠡᠨ ᠠᠴᠠ ᠪᠠᠷᠢᠯᠳᠤᠬᠤ ᠬᠡᠷᠡᠭᠲᠡᠢ︔ ᠳᠦᠷᠢᠮᠵᠢᠯ ᠤᠨ ᠬᠤᠪᠢ ᠳᠤ᠂ ᠪᠦᠬᠡ ᠶᠢᠨ ᠬᠠᠮᠢᠶᠠᠷᠤᠯᠲᠠ ᠶᠢ ᠴᠢᠩᠭᠠᠳᠬᠠᠵᠤ᠂ ᠪᠦᠬᠡ ᠶᠢᠨ ᠳᠦᠷᠢᠮ᠂ ᠬᠢᠨᠠᠭᠴᠢ ᠶᠢᠨ ᠳᠦᠷᠢᠮ᠂ ᠤᠷᠤᠯᠳᠤᠭᠠᠨ ᠤ ᠳᠦᠷᠢᠮ᠂ ᠨᠠᠶᠢᠷ ᠤᠨ ᠳᠦᠷᠢᠮ ᠢ ᠪᠦᠷ ᠬᠠᠤᠯᠢ ᠶᠢᠨ ᠬᠦᠴᠦᠨ ᠲᠠᠢ ᠪᠤᠯᠭᠠᠵᠤ ᠬᠡᠷᠡᠭᠵᠢᠭᠦᠯᠬᠦ ᠬᠡᠷᠡᠭᠲᠡᠢ ᠪᠠᠶᠢᠨ᠎ᠠ︾ ᠭᠡᠵᠤ ᠦᠵᠡᠯᠲᠡ ᠪᠠᠨ ᠶᠠᠷᠢᠯ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号