ᠠᠪᠤᠷᠭᠤ ᠮᠠᠯᠴᠢᠨ ᠪᠠᠳᠮᠠᠰᠠᠷᠠᠩ ᠤᠨ17 ᠵᠢᠯ ᠤᠯᠠᠭᠠᠨ ᠠᠩᠭᠢᠰ ᠦᠬᠡᠷ ᠮᠠᠯᠵᠢᠭᠰᠠᠨ ᠳᠤᠷᠰᠢᠯᠭ᠎ᠠ
ᠨᠡᠶᠢᠲᠡᠯᠡᠭᠰᠡᠨ ᠴᠠᠭ᠄
2016/11/17
    ᠵᠡᠭᠦᠨ ᠦᠵᠦᠮᠦᠴᠢᠨ ᠬᠤᠰᠢᠭᠤᠨ ᠤ ᠭᠠᠭᠢᠯ ᠰᠤᠮᠤᠨ ᠤ ᠡᠷᠢᠶᠠᠨᠪᠤᠯᠠᠭ ᠭᠠᠴᠠᠭᠠᠨ ᠤ ᠠᠪᠤᠷᠭᠤ ᠮᠠᠯᠴᠢᠨ ᠪᠠᠳᠮᠠᠰᠠᠷᠠᠩ ᠭᠤᠸᠠᠢ ᠪᠤᠯ ᠤᠷᠤᠨ ᠨᠤᠳᠤᠭ ᠲᠠᠭᠠᠨ ᠤᠯᠠᠭᠠᠨ ᠠᠩᠭᠢᠰ ᠦᠭᠡᠷ ᠰᠤᠩᠭᠤᠨ ᠪᠤᠶᠢᠵᠢᠭᠤᠯᠵᠤ ᠠᠮᠵᠢᠯᠳᠠ ᠤᠯᠤᠬᠰᠠᠨ ᠭᠦᠮᠦᠨ ᠶᠤᠮ᠃ ᠳᠡᠳᠡᠨ ᠤ ᠬᠢᠨ 1999 ᠤᠨ ᠳᠤ ᠦᠭᠡᠷ ᠰᠦᠷᠦᠭ ᠲᠡᠭᠡᠨ ᠭᠦᠪᠦᠷᠡᠯ ᠰᠢᠯᠵᠢᠭᠦᠯᠦᠨ ᠰᠢᠯᠢᠳᠡᠭ ᠡᠭᠦᠯᠳᠡᠷ ᠤᠨ ᠤᠯᠠᠭᠠᠨ ᠠᠩᠭᠢᠰ ᠦᠭᠡᠷ ᠰᠤᠩᠭᠤᠨ ᠪᠤᠶᠢᠵᠢᠭᠤᠯᠤᠬᠰᠠᠨ ᠠᠴᠠ ᠤᠳᠤ ᠪᠤᠯᠬᠤ ᠳᠤ ᠨᠢᠭᠡᠨᠳᠡ 17 ᠵᠢᠯ ᠤᠨ ᠨᠢᠭᠤᠷ ᠢ ᠦᠵᠡᠵᠤ᠂ 200 ᠭᠠᠷᠤᠢ ᠦᠭᠡᠷ ᠨᠢ ᠪᠦᠷ ᠴᠡᠪᠡᠷ ᠡᠭᠦᠯᠳᠡᠷ ᠤᠨ ᠤᠯᠠᠭᠠᠨ ᠠᠩᠭᠢᠰ ᠦᠭᠡᠷ ᠪᠤᠯᠵᠠᠢ᠃ 17 ᠵᠢᠯ ᠤᠯᠠᠭᠠᠨ ᠠᠩᠭᠢᠰ ᠦᠭᠡᠷ ᠰᠤᠩᠭᠤᠨ ᠪᠤᠶᠢᠵᠢᠭᠤᠯᠬᠤ ᠶᠠᠪᠤᠴᠠ ᠳᠤᠮᠳᠠ ᠪᠠᠳᠮᠠᠰᠠᠷᠠᠩ ᠭᠤᠸᠠᠢ ᠤᠯᠠᠭᠠᠨ ᠠᠩᠭᠢᠰ ᠦᠭᠡᠷ ᠮᠠᠯᠵᠢᠬᠤ ᠦᠷ᠎ᠡ ᠠᠰᠢᠬ᠂ ᠵᠠᠷᠤᠳᠠᠯ ᠪᠠᠷᠢᠳᠠᠯ ᠤᠨ ᠳᠤᠬᠠᠢ ᠨᠠᠷᠢᠨ ᠤᠢᠢᠯᠠᠭᠠᠯᠳᠠ ᠲᠠᠢ ᠪᠤᠯᠤᠭᠰᠠᠨ ᠪᠠᠶᠢᠯ᠎ᠠ᠃       ᠤᠯᠠᠭᠠᠨ ᠠᠩᠭᠢᠰ ᠦᠭᠡᠷ ᠭᠦᠢᠳᠡᠨ ᠳᠤ ᠳᠠᠭᠠᠭᠠᠴᠠᠳᠠᠢ᠂ ᠪᠡᠯᠴᠢᠭᠡᠷ ᠤᠰᠤᠨ ᠳᠤ ᠠᠮᠠᠷᠬᠠᠨ ᠳᠠᠰᠬᠤ᠂ ᠡᠪᠡᠳᠴᠢᠨ ᠭᠡᠮ ᠢ ᠡᠰᠡᠷᠭᠦᠴᠡᠭᠦ ᠴᠢᠳᠠᠪᠤᠷᠢ ᠰᠠᠶᠢᠨ ᠵᠢᠴᠢ ᠫᠧᠩ ᠬᠤᠷᠤᠭᠠᠨ ᠳᠤ ᠬᠤᠷᠢᠬᠤ ᠳᠤ ᠮᠦᠷᠭᠦᠯᠳᠦᠭᠦ ᠦᠭᠡᠢ ᠵᠡᠷᠭᠡ ᠤᠨᠴᠠᠯᠢᠭ ᠲᠠᠢ ᠪᠠᠶᠢᠳᠠᠭ ᠪᠤᠯᠬᠤᠷ ᠦᠵᠦᠮᠦᠴᠢᠨ ᠤ ᠳᠠᠯ᠎ᠠ ᠨᠤᠳᠤᠭ ᠲᠤ ᠨᠡᠯᠢᠶᠡᠳ ᠳᠤᠭᠢᠷᠠᠳᠠᠭ᠃ ᠤᠯᠠᠭᠠᠨ ᠠᠩᠭᠢᠰ ᠦᠭᠡᠷ ᠨᠤᠳᠤᠭ ᠤᠨ ᠦᠭᠡᠷ ᠢ ᠪᠤᠳᠤᠪᠠᠯ ᠭᠠᠷ ᠬᠠᠷᠠᠨ᠎ᠠ᠃ ᠳᠠᠷᠤᠢ ᠡᠪᠤᠯ ᠬᠠᠪᠤᠷ ᠤᠨ ᠴᠠᠭ ᠲᠤ ᠢᠯᠡᠭᠦᠭᠡᠨ ᠳᠡᠵᠢᠭᠡᠵᠤ ᠪᠤᠷᠳᠤᠬᠤ ᠭᠡᠷᠡᠭᠳᠠᠢ ᠪᠠᠶᠢᠳᠠᠭ ᠶᠤᠮ᠃ ︽ᠵᠢᠯ ᠤᠨ ᠦᠡᠭᠭᠡ᠂ ᠪᠡᠯᠴᠢᠭᠡᠷ ᠤᠰᠤ ᠵᠡᠷᠭᠡ ᠪᠠᠨ ᠦᠵᠡᠵᠤ ᠦᠭᠡᠷ ᠰᠦᠷᠦᠭ ᠢᠶᠠᠨ 100 — 150 ᠬᠤᠨᠤᠭ ᠳᠡᠵᠢᠭᠡᠳᠡᠭ᠃ ᠶᠡᠷᠤᠨᠢ ᠦᠷᠯᠦᠭᠡ ᠤᠷᠤᠢ ᠳᠠᠭᠠᠨ ᠳᠡᠵᠢᠭᠡᠵᠤ ᠡᠳᠤᠷ ᠤᠨ ᠨᠢᠭᠡ ᠦᠭᠡᠷ ᠤᠨ 10 ᠵᠢᠩ ᠡᠪᠡᠰᠤ ᠦᠭᠭᠦᠨ᠎ᠡ᠃ ᠳᠤᠭᠤᠯᠯᠠᠬᠤ ᠦᠨᠢᠶ᠎ᠡ᠂ ᠶᠠᠳᠠᠷ ᠳᠤᠷᠤᠢ ᠮᠠᠯ ᠵᠡᠷᠭᠡ ᠳᠡᠭᠡᠨ ᠡᠳᠤᠷ ᠲᠤ 3 — 5 ᠵᠢᠩ ᠪᠤᠷᠳᠤᠭ᠎ᠠ ᠦᠭᠳᠡᠭ᠃ ᠡᠳᠡᠭᠡᠷ ᠦᠭᠡᠷ ᠨᠤᠳᠤᠭ ᠤᠨ ᠦᠭᠡᠷ ᠢ ᠪᠤᠳᠤᠪᠠᠯ ᠭᠠᠷ ᠬᠠᠷᠠᠨ᠎ᠠ ᠰᠢᠤ᠂ ᠡᠪᠤᠯ ᠬᠠᠪᠤᠷ ᠲᠠᠭᠠᠨ ᠰᠠᠶᠢᠨ ᠳᠡᠵᠢᠭᠡᠭᠦ ᠦᠭᠡᠢ ᠪᠤᠯ ᠠᠮᠠᠷᠬᠠᠨ ᠡᠴᠡᠵᠤ ᠳᠤᠷᠠᠨ᠎ᠠ︾ ᠭᠡᠵᠤ ᠪᠠᠳᠮᠠᠰᠠᠷᠠᠩ ᠭᠤᠸᠠᠢ ᠮᠠᠨ ᠳᠤ ᠶᠠᠷᠢᠯ᠎ᠠ᠃       ᠨᠢᠭᠡ ᠤᠯᠠᠭᠠᠨ ᠠᠩᠭᠢᠰ ᠦᠨᠢᠶ᠎ᠡ ᠶᠢ ᠡᠪᠦᠯᠵᠢᠭᠦᠯᠭᠦ ᠳᠤ ᠦᠨᠦ ᠵᠢᠯ ᠤᠨ ᠡᠪᠡᠰᠤ ᠪᠤᠷᠳᠤᠭᠠᠨ ᠤ ᠦᠨ᠎ᠡ ᠪᠠᠷ ᠪᠤᠳᠤᠪᠠᠯ 1725 ᠲᠦᠭᠦᠷᠢᠭ ᠤᠷᠤᠨ᠎ᠠ᠃ ᠡᠭᠦᠨ ᠤ ᠳᠡᠭᠡᠷ᠎ᠡ ᠭᠡᠭᠡᠯᠳᠦᠭᠦᠯᠭᠡ ᠶᠢᠨ ᠰᠦᠢᠳᠭᠡᠯ 200 ᠲᠦᠭᠦᠷᠢᠭ᠂ ᠤᠭᠢᠶᠠᠯᠳᠠ ᠴᠢᠳᠬᠤᠯᠳᠠ᠂ ᠬᠤᠷᠤᠬᠠᠢ ᠳᠠᠭᠤᠬᠤ ᠰᠦᠢᠳᠭᠡᠯ 5 ᠲᠦᠭᠦᠷᠢᠭ᠂ ᠤᠰᠤᠨ ᠤ ᠵᠠᠷᠤᠳᠠᠯ 50 ᠲᠦᠭᠦᠷᠢᠭ ᠵᠢᠴᠢ ᠨᠤᠳᠤᠭ ᠪᠡᠯᠴᠢᠭᠡᠷ ᠤᠨ ᠪᠦᠳᠦᠭᠡᠨ ᠪᠠᠶᠢᠭᠤᠯᠤᠯᠳᠠ ᠶᠢᠨ ᠵᠠᠷᠤᠳᠠᠯ 80 ᠲᠦᠭᠦᠷᠢᠭ ᠵᠡᠷᠭᠡ ᠪᠠᠨ ᠨᠡᠮᠡᠪᠡᠯ ᠡᠳ᠋ ᠪᠤᠳᠠᠰ ᠤᠨ ᠳᠠᠯ᠎ᠠ ᠶᠢᠨ ᠵᠠᠷᠤᠳᠠᠯ ᠮᠦᠡᠭᠭᠦ 2060 ᠲᠦᠭᠦᠷᠢᠭ ᠤᠷᠴᠢᠮ ᠤᠷᠤᠨ᠎ᠠ᠃ ᠪᠠᠳᠮᠠᠰᠠᠷᠠᠩ ᠭᠤᠸᠠᠢ ᠶᠢᠨ ᠬᠢᠨ ᠦᠭᠡᠷ ᠰᠦᠷᠦᠭ ᠳᠡᠭᠡᠷ᠎ᠡ ᠪᠠᠨ ᠭᠦᠯᠦᠰᠦᠨ ᠤ ᠭᠦᠮᠦᠨ ᠵᠠᠷᠤᠳᠠᠭ ᠦᠭᠡᠢ ᠪᠠᠶᠢᠵᠤ᠂ ᠦᠪᠡᠷᠳᠡᠭᠡᠨ ᠠᠷᠠᠴᠢᠯᠠᠨ ᠮᠠᠯᠵᠢᠳᠠᠭ ᠪᠤᠯᠬᠤᠷ ᠭᠦᠴᠦᠨ ᠤ ᠭᠦᠮᠦᠨ ᠤ ᠭᠦᠯᠦᠰᠦ ᠭᠡᠵᠤ ᠪᠠᠶᠢᠳᠠᠭ ᠦᠭᠡᠢ᠃ ᠵᠦᠪᠭᠡᠨ ᠦᠪᠡᠷ ᠤᠨ ᠭᠦᠴᠤ ᠭᠦᠳᠡᠯᠮᠦᠷᠢ ᠶᠢᠨ ᠵᠠᠷᠤᠳᠠᠯ ᠯᠡ ᠪᠠᠶᠢᠵᠤ᠂ ᠪᠠᠷᠤᠭ ᠨᠢᠭᠡ ᠦᠭᠡᠷ ᠤᠨ 100 ᠲᠦᠭᠦᠷᠢᠭ ᠤᠷᠴᠢᠮ ᠨᠤᠬᠳᠠᠳᠠᠭ᠃ ᠢᠡᠭᠭᠢᠵᠤ ᠪᠤᠳᠤᠵᠤ ᠦᠵᠡᠪᠡᠯ᠂ ᠮᠠᠯᠴᠢᠨ ᠪᠠᠳᠮᠠᠰᠠᠷᠠᠩ ᠤᠨ ᠮᠠᠯᠵᠢᠵᠤ ᠪᠠᠶᠢᠭ᠎ᠠ ᠤᠯᠠᠭᠠᠨ ᠠᠩᠭᠢᠰ ᠦᠭᠡᠷ ᠤᠨ ᠳᠡᠵᠢᠭᠡᠨ ᠦᠷᠡᠵᠢᠭᠦᠯᠭᠦ ᠦᠷᠳᠡᠭ ᠨᠢ ᠳᠡᠭᠰᠢᠳᠭᠡᠭᠡᠳ 2160 ᠲᠦᠭᠦᠷᠢᠭ ᠤᠷᠴᠢᠮ ᠳᠤ ᠭᠦᠷᠳᠡᠭ ᠪᠠᠶᠢᠨ᠎ᠠ᠃ ᠡᠭᠦᠨ ᠳᠤ ᠬᠠᠮᠤᠭ ᠶᠡᠭᠡ ᠵᠠᠷᠤᠳᠠᠯ ᠮᠦᠡᠭᠭᠦ ᠨᠢ ᠡᠪᠡᠰᠤ ᠪᠤᠷᠳᠤᠭᠠᠨ ᠤ ᠵᠠᠷᠤᠳᠠᠯ ᠮᠦᠡᠭᠭᠦ ᠪᠠᠶᠢᠵᠤ᠂ ᠪᠦᠭᠦ ᠵᠠᠷᠤᠳᠠᠯ ᠮᠦᠡᠭᠭᠦ ᠶᠢᠨ 79%᠎ ᠶᠢ ᠡᠵᠡᠯᠡᠵᠤ ᠪᠤᠢ᠃       ᠳᠡᠳᠡᠨ ᠤ ᠦᠭᠡᠷ ᠰᠦᠷᠦᠭ ᠤᠨ ᠤᠷᠤᠯᠭ᠎ᠠ ᠨᠢ ᠭᠤᠤᠯᠳᠠᠭᠤ ᠦᠭᠡᠷ ᠢᠶᠠᠨ ᠬᠤᠳᠠᠯᠳᠤᠨ ᠪᠤᠷᠤᠯᠠᠭᠤᠯᠬᠤ ᠠᠴᠠ ᠢᠷᠡᠳᠡᠭ᠃ ᠤᠯᠠᠭᠠᠨ ᠠᠩᠭᠢᠰ ᠦᠭᠡᠷ ᠨᠤᠳᠤᠭ ᠤᠨ ᠦᠭᠡᠷ ᠢ ᠪᠤᠳᠤᠪᠠᠯ ᠦᠨ᠎ᠡ ᠬᠠᠨᠭ᠍ᠰᠢ ᠪᠠᠷ ᠦᠨᠳᠦᠷ ᠪᠠᠶᠢᠵᠤ᠂ ᠪᠤᠰᠤᠳ ᠲᠦᠷᠦᠯ ᠤᠨ ᠰᠢᠯᠢᠳᠡᠭ ᠡᠭᠦᠯᠳᠡᠷ ᠪᠤᠯᠬᠤ ᠱᠠᠷᠦ᠋ᠯᠠᠢ᠂ ᠰᠢᠮᠧᠨ᠋ᠲ᠋ᠡᠷ᠂ ᠬᠠᠷ᠎ᠠ ᠠᠩᠭᠢᠰ ᠵᠡᠷᠭᠡ ᠶᠢᠨ ᠡᠭᠦᠯᠳᠡᠷ ᠠᠴᠠ ᠳᠤᠳᠠᠳᠠᠭ ᠦᠭᠡᠢ᠃ ᠦᠨᠦ ᠵᠢᠯ ᠪᠠᠳᠮᠠᠰᠠᠷᠠᠩ ᠤᠨ ᠬᠢᠨ 15 ᠪᠢᠷᠠᠭᠤ ᠪᠠᠨ 10 ᠲᠦᠮᠡᠨ ᠲᠦᠭᠦᠷᠢᠭ ᠢᠶᠠᠷ ᠬᠤᠳᠠᠯᠳᠤᠬᠰᠠᠨ ᠠᠴᠠ ᠦᠵᠡᠪᠡᠯ᠂ ᠨᠢᠭᠡ ᠪᠢᠷᠠᠭᠤ ᠨᠢ ᠳᠡᠭᠰᠢᠳᠭᠡᠭᠡᠳ 6600 ᠢᠯᠡᠭᠦᠦ ᠲᠦᠭᠦᠷᠢᠭ ᠲᠤ ᠭᠦᠷᠴᠠᠢ᠃ ︽ᠦᠨᠦ ᠵᠢᠯ ᠦᠭᠡᠷ ᠤᠨ ᠦᠨ᠎ᠡ ᠲᠦᠷᠦᠭᠦᠦ ᠭᠡᠳᠤᠨ ᠵᠢᠯ ᠠᠴᠠ ᠪᠠᠨ ᠳᠤᠤᠷ᠎ᠠ ᠪᠤᠯᠪᠠᠴᠤ ᠪᠠᠰᠠ ᠪᠤᠯᠴᠢᠬᠠᠨ᠎ᠠ᠃ ᠮᠠᠨ ᠤ ᠳᠤᠭᠤᠯ ᠳᠤ ᠮᠠᠶᠢᠮᠠᠶᠢᠴᠢᠳ 4000 ᠢᠯᠡᠭᠦᠦ ᠲᠦᠭᠦᠷᠢᠭ ᠤᠨ ᠦᠨ᠎ᠡ ᠦᠭᠴᠤ ᠪᠠᠶᠢᠨ᠎ᠠ᠃ ᠪᠢ ᠪᠤᠯ 5000 ᠲᠦᠭᠦᠷᠢᠭ ᠲᠤ ᠭᠦᠷᠭᠡᠭᠦ ᠰᠠᠨᠠᠭᠠᠳᠠᠢ ᠯᠡ ᠪᠠᠶᠢᠨ᠎ᠠ᠃ ᠦᠭᠡᠷ ᠢ ᠮᠢᠬᠠᠨ ᠤ ᠴᠢᠭᠯᠡᠯ ᠪᠡ ᠮᠠᠯᠵᠢᠯ ᠤᠨ ᠴᠢᠭᠯᠡᠯ ᠢᠶᠠᠷ ᠬᠤᠳᠠᠯᠳᠤᠬᠤ ᠳᠤ ᠦᠨ᠎ᠡ ᠨᠢ ᠠᠳᠠᠯᠢ ᠦᠭᠡᠢ ᠪᠠᠶᠢᠳᠠᠭ᠃ ᠡᠷ᠎ᠡ ᠳᠤᠭᠤᠯ ᠢᠶᠠᠨ ᠪᠤᠬᠠᠨ ᠳᠤᠭᠤᠯ ᠢᠶᠠᠷ ᠵᠠᠷᠤᠬᠤ ᠳᠤ 1 ᠲᠦᠮᠡ 3000 ᠲᠦᠭᠦᠷᠢᠭ ᠴᠤ ᠭᠦᠷᠴᠤ ᠪᠠᠶᠢᠬᠰᠠᠨ᠃ ᠵᠢᠯ ᠵᠢᠯ ᠤᠨ ᠦᠨ᠎ᠠ ᠬᠠᠨᠭ᠍ᠰᠢ ᠠᠳᠠᠯᠢ ᠦᠭᠡᠢ ᠪᠤᠯᠬᠤᠷ ᠦᠭᠡᠷ ᠰᠦᠷᠦᠭ ᠠᠴᠠ ᠢᠷᠡᠭᠦ ᠤᠷᠤᠯᠭ᠎ᠠ ᠴᠤ ᠠᠳᠠᠯᠢ ᠦᠭᠡᠢ ᠪᠠᠶᠢᠳᠠᠭ︾ ᠭᠡᠵᠤ ᠪᠠᠳᠮᠠᠰᠠᠷᠠᠩ ᠶᠠᠷᠢᠨ᠎ᠠ᠃       ᠮᠠᠯᠴᠢᠨ ᠪᠠᠳᠮᠠᠰᠠᠷᠠᠩ ᠭᠤᠸᠠᠢ ᠠᠷᠪᠠᠭᠠᠳ ᠵᠢᠯ ᠤᠯᠠᠭᠠᠨ ᠠᠩᠭᠢᠰ ᠦᠭᠡᠷ ᠢ ᠰᠤᠩᠭᠤᠨ ᠪᠤᠶᠢᠵᠢᠭᠤᠯᠬᠤ ᠶᠠᠪᠤᠴᠠ ᠳᠤᠮᠳᠠ ᠪᠠᠨ ᠭᠡᠭᠡᠯᠳᠦᠭᠦᠯᠭᠡ ᠶᠢᠨ ᠠᠵᠢᠯ ᠢ ᠴᠢᠩᠭ᠎ᠠ ᠠᠳᠬᠤᠵᠤ ᠳᠤᠰᠬᠠᠢ ᠮᠡᠷᠭᠡᠵᠢᠯᠳᠡᠨ ᠵᠠᠯᠠᠵᠤ ᠠᠪᠴᠢᠷᠠᠨ ᠭᠡᠭᠡᠯᠳᠦᠭᠦᠯᠭᠡ ᠭᠢᠳᠡᠭ᠃ ᠡᠨᠡ ᠵᠢᠯ ᠮᠦᠨ ᠬᠤᠶᠠᠷ ᠰᠠᠷ᠎ᠠ ᠶᠢᠨ 1 ᠲᠦᠮᠡ 2000 ᠲᠦᠭᠦᠷᠢᠭ ᠢᠶᠠᠷ ᠭᠠᠳᠠᠨ᠎ᠠ ᠠᠴᠠ ᠳᠤᠰᠬᠠᠢ ᠮᠡᠷᠭᠡᠵᠢᠯᠳᠡᠨ ᠵᠠᠯᠠᠵᠤ ᠠᠪᠴᠢᠷᠠᠨ ᠦᠨᠢᠶᠡᠨ ᠳᠡᠭᠡᠨ ᠭᠡᠭᠡᠯᠳᠦᠭᠦᠯᠭᠡ ᠭᠢᠵᠠᠢ᠃ ᠭᠡᠪᠡᠴᠤ ᠡᠨᠡ ᠵᠢᠯ ᠭᠠᠩ ᠭᠠᠴᠢᠬ ᠪᠤᠯᠤᠬᠰᠠᠨ ᠠᠴᠠ ᠦᠨᠢᠶᠡᠨ ᠤ ᠤᠷᠤᠭ᠎ᠠ ᠤᠷᠤᠬᠤ ᠶᠢ ᠨᠦᠯᠦᠭᠡᠯᠡᠨ᠂ ᠭᠠᠷ ᠭᠡᠭᠡᠯᠳᠦᠭᠦᠯᠭᠡ ᠶᠢᠨ ᠤᠷᠤᠬᠰᠢᠳᠠᠢ ᠶᠠᠪᠤᠬᠳᠠᠬᠤ ᠶᠢ ᠴᠤ ᠨᠦᠯᠦᠭᠡᠯᠡᠭᠰᠡᠨ ᠠᠵᠢ᠃ ︽ᠦᠷ᠎ᠡ ᠶᠢ ᠨᠢ ᠬᠤᠰᠢᠭᠤᠨ ᠠᠴᠠ ᠮᠠᠨ ᠳᠤ ᠬᠠᠨᠭ᠍ᠭᠠᠵᠤ ᠦᠭᠳᠡᠭ ᠪᠤᠯᠬᠤᠷ ᠡᠨᠡ ᠳᠠᠯ᠎ᠠ ᠶᠢᠨ ᠵᠠᠷᠤᠳᠠᠯ ᠢ ᠪᠠᠭ᠎ᠠ ᠪᠤᠰᠤ ᠠᠷᠪᠢᠯᠠᠵᠤ ᠦᠭᠭᠦᠭᠰᠡᠨ᠃ ᠡᠨᠡ ᠵᠢᠯ ᠭᠠᠩ ᠭᠠᠴᠢᠬ ᠪᠤᠯᠤᠬᠰᠠᠨ ᠠᠴᠠ ᠭᠡᠭᠡᠯᠳᠦᠭᠦᠯᠭᠡ ᠶᠢᠨ ᠠᠵᠢᠯ ᠳᠤ ᠶᠡᠭᠡ ᠨᠦᠯᠦᠭᠡ ᠪᠤᠯᠵᠤ᠂ ᠮᠠᠨ ᠤ ᠬᠢ ᠵᠦᠪᠭᠡᠨ ᠬᠤᠷᠢᠭᠠᠳ ᠦᠨᠢᠶᠡᠨ ᠳᠤ ᠯᠡ ᠭᠡᠭᠡᠯᠳᠦᠭᠦᠯᠭᠡ ᠭᠢᠵᠤ ᠳᠡᠶᠢᠯᠦᠭᠰᠡᠨ᠃ ᠰᠢᠯᠢᠳᠡᠭ ᠡᠭᠦᠯᠳᠡᠷ ᠤᠨ ᠦᠭᠡᠷ ᠮᠠᠯᠵᠢᠬᠤ ᠳᠤ ᠭᠡᠭᠡᠯᠳᠦᠭᠦᠯᠭᠡ ᠶᠢᠨ ᠠᠵᠢᠯ ᠢ ᠰᠠᠶᠢᠨ ᠭᠢᠭᠦ ᠭᠡᠷᠡᠭᠳᠠᠢ︾ ᠭᠡᠵᠤ ᠪᠠᠳᠮᠠᠰᠠᠷᠠᠩ ᠳᠤᠷᠰᠢᠯᠭ᠎ᠠ ᠪᠠᠨ ᠳᠠᠨᠢᠯᠴᠠᠭᠤᠯᠤᠨ᠎ᠠ᠃       ᠤᠯᠠᠭᠠᠨ ᠠᠩᠭᠢᠰ ᠦᠭᠡᠷ ᠢ ᠠᠷᠠᠴᠢᠯᠠᠨ ᠮᠠᠯᠵᠢᠬᠤ ᠳᠤ ᠬᠠᠮᠤᠭ ᠶᠡᠭᠡ ᠵᠠᠷᠤᠳᠠᠯ ᠪᠤᠯ ᠳᠠᠷᠤᠢ ᠡᠪᠡᠰᠤ ᠪᠤᠷᠳᠤᠭᠠᠨ ᠤ ᠵᠠᠷᠤᠳᠠᠯ ᠪᠤᠯᠤᠨ᠎ᠠ᠃ ᠳᠡᠶᠢᠮᠤ ᠠᠴᠠ ᠤᠯᠠᠭᠠᠨ ᠠᠩᠭᠢᠰ ᠦᠭᠡᠷ ᠢ ᠮᠠᠯᠵᠢᠬᠤ ᠵᠠᠷᠤᠳᠠᠯ ᠢ ᠪᠠᠭᠠᠰᠬᠠᠬᠤ ᠭᠡᠪᠡᠯ ᠡᠪᠡᠰᠤ ᠪᠤᠷᠳᠤᠭᠠᠨ ᠤ ᠠᠰᠠᠭᠤᠳᠠᠯ ᠢ ᠦᠪᠡᠷᠳᠡᠭᠡᠨ ᠰᠢᠢᠳᠪᠦᠷᠢᠯᠡᠵᠤ᠂ ᠡᠨᠡ ᠳᠠᠯ᠎ᠠ ᠶᠢᠨ ᠦᠷᠳᠡᠭ ᠢ ᠪᠠᠭᠤᠷᠠᠭᠤᠯᠬᠤ ᠳᠠᠯ᠎ᠠ ᠪᠠᠷ ᠢᠯᠡᠭᠦᠭᠡᠨ ᠠᠷᠭ᠎ᠠ ᠤᠬᠠᠭᠠᠨ ᠰᠦᠪᠡᠭᠴᠢᠯᠡᠭᠦ ᠭᠡᠷᠡᠭᠳᠠᠢ ᠶᠤᠮ᠃ ᠳᠡᠶᠢᠮᠤ ᠳᠡᠭᠡᠨ ᠪᠠᠳᠮᠠᠰᠠᠷᠠᠩ ᠭᠤᠸᠠᠢ ᠴᠠᠭᠢᠯᠭᠠᠨ ᠤᠷᠤᠪᠠᠯ ᠨᠤᠭᠤᠭᠠᠨ ᠳᠠᠷᠤᠰᠢ ᠶᠢᠨ ᠳᠠᠯᠠᠪᠠᠢ ᠪᠠᠨ ᠠᠰᠢᠬᠯᠠᠯᠳᠠ ᠳᠤ ᠤᠷᠤᠭᠤᠯᠤᠨ ᠦᠪᠡᠷᠳᠡᠭᠡᠨ ᠨᠤᠭᠤᠭᠠᠨ ᠳᠠᠷᠤᠰᠢ ᠳᠠᠷᠢᠵᠤ᠂ ᠪᠤᠷᠳᠤᠭᠠᠨ ᠤ ᠳᠠᠯ᠎ᠠ ᠳᠠᠬᠢ ᠵᠠᠷᠤᠯᠭ᠎ᠠ ᠪᠠᠨ ᠪᠠᠭᠠᠰᠬᠠᠬᠤ ᠪᠠᠷ ᠲᠦᠯᠦᠪᠯᠡᠵᠤ ᠪᠠᠶᠢᠯ᠎ᠠ᠃ ᠰᠢᠯᠢᠳᠡᠭ ᠡᠭᠦᠯᠳᠡᠷ ᠤᠨ ᠦᠭᠡᠷ ᠮᠠᠯᠵᠢᠬᠤ ᠳᠤ ᠨᠤᠳᠤᠭ ᠤᠨ ᠦᠭᠡᠷ ᠮᠠᠯᠵᠢᠬᠤ ᠲᠠᠢ ᠠᠳᠠᠯᠢ ᠦᠭᠡᠢ ᠪᠠᠶᠢᠵᠤ᠂ ᠡᠪᠡᠰᠤ ᠪᠤᠷᠳᠤᠭ᠎ᠠ ᠶᠡᠭᠡ ᠭᠡᠷᠡᠭᠰᠡᠳᠡᠭ ᠪᠤᠯᠬᠤᠷ ᠮᠠᠯᠴᠢᠳ ᠰᠢᠯᠢᠳᠡᠭ ᠡᠭᠦᠯᠳᠡᠷ ᠤᠨ ᠦᠭᠡᠷ ᠰᠤᠩᠭᠤᠨ ᠪᠤᠶᠢᠵᠢᠭᠤᠯᠬᠤ ᠳᠠᠭᠠᠨ ᠡᠪᠡᠰᠤ ᠪᠤᠷᠳᠤᠭᠠᠨ ᠤ ᠠᠰᠠᠭᠤᠳᠠᠯ ᠢ ᠰᠢᠢᠳᠪᠦᠷᠢᠯᠡᠭᠦ ᠳᠠᠯ᠎ᠠ ᠳᠤ ᠢᠯᠡᠭᠦᠭᠡᠨ ᠭᠦᠴᠦ ᠤᠷᠤᠭᠤᠯᠪᠠᠯ ᠠᠰᠢᠬ ᠤᠷᠤᠯᠭ᠎ᠠ ᠨᠡᠩ ᠦᠨᠳᠦᠷ ᠪᠤᠯᠵᠤ ᠴᠢᠳᠠᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号