ᠨᠠᠷᠢᠨ ᠳᠠᠩᠰᠠ ᠨᠢᠮᠪᠠᠢ ᠠᠷᠠᠴᠢᠯᠠᠭ᠎ᠠ ᠪᠠᠷ ᠤᠷᠤᠯᠭ᠎ᠠ ᠪᠠᠨ ᠪᠠᠲᠤᠯᠠᠨ᠎ᠠ — ᠪᠠᠷᠠᠭᠤᠨ ᠦᠵᠦᠮᠦᠴᠢᠨ ᠬᠤᠰᠢᠭᠤᠨ ᠤ ᠱᠠᠷᠦ᠋ᠯᠠᠢ ᠦᠬᠡᠷ ᠮᠠᠯᠵᠢᠬᠤ ᠳᠤᠰᠬᠠᠢ ᠡᠷᠦᠬᠡ ᠡᠷᠳᠡᠨᠢᠪᠠᠭᠠᠲᠤᠷ ᠤᠨ ᠬᠢᠨ ᠢ ᠰᠤᠷᠪᠤᠯᠵᠢᠯᠠᠭᠠᠳ
ᠨᠡᠶᠢᠲᠡᠯᠡᠭᠰᠡᠨ ᠴᠠᠭ᠄
2016-11-16
    — ᠠᠷᠪᠠᠨ ᠳᠠᠪᠤᠨ ᠪᠤᠬᠠᠨ ᠳᠤᠭᠤᠯ ᠢᠶᠠᠨ ᠳᠡᠭᠰᠢᠳᠭᠡᠭᠡᠳ 8000 ᠲᠦᠭᠦᠷᠢᠭ ᠢᠶᠠᠷ ᠵᠠᠷᠤᠬᠰᠠᠨ︔ 4000 ᠭᠠᠷᠤᠢ ᠲᠦᠭᠦᠷᠢᠭ ᠢᠶᠠᠷ ᠭᠤᠴᠢᠭᠠᠳ ᠦᠭᠢᠨ ᠳᠤᠭᠤᠯ ᠵᠠᠷᠤᠯ᠎ᠠ︔ 30 ᠡᠷ᠎ᠡ ᠳᠤᠭᠤᠯ ᠢᠶᠠᠨ ᠨᠢᠭᠡ ᠶᠢ ᠨᠢ 5000 ᠲᠦᠭᠦᠷᠢᠭ ᠢᠶᠠᠷ ᠵᠠᠷᠤᠬᠰᠠᠨ︔ 20 ᠪᠢᠷᠠᠭᠤ ᠪᠠᠨ 9000 ᠲᠦᠭᠦᠷᠢᠭ ᠤᠷᠴᠢᠮ ᠢᠶᠠᠷ ᠵᠠᠷᠤᠬᠰᠠᠨ︔ ᠤᠳᠤ ᠠᠷᠪᠠᠭᠠᠳ ᠭᠦᠭᠰᠢᠨ ᠪᠠᠭᠤᠷᠠᠢ ᠦᠨᠢᠶ᠎ᠡ ᠪᠠᠨ ᠬᠤᠳᠠᠯᠳᠤᠪᠠᠯ ᠪᠤᠯᠴᠢᠬᠠᠨ᠎ᠠ᠂ ᠪᠦᠳᠦᠭᠦᠨ ᠦᠨᠢᠶ᠎ᠡ ᠴᠤ 7000 — 8000 ᠲᠦᠭᠦᠷᠢᠭ ᠤᠷᠴᠢᠮ ᠭᠦᠷᠴᠤ ᠪᠠᠶᠢᠨ᠎ᠠ ᠭᠡᠵᠤ ᠮᠠᠯᠴᠢᠨ ᠡᠷᠳᠠᠨᠢᠪᠠᠭᠠᠳᠤᠷ ᠪᠢᠳᠡᠨ ᠳᠤ ᠡᠨᠡ ᠵᠢᠯ ᠤᠨ ᠮᠠᠯ ᠬᠤᠳᠠᠯᠳᠤᠬᠰᠠᠨ ᠪᠠᠶᠢᠳᠠᠯ ᠢᠶᠠᠨ ᠲᠦᠭᠦᠮᠭᠡᠨ ᠶᠠᠷᠢᠬᠤ ᠳᠤ᠂ ᠪᠢᠳᠡ ᠳᠡᠳᠡᠨ ᠤ ᠮᠠᠯ ᠬᠤᠳᠠᠯᠳᠤᠬᠰᠠᠨ ᠤᠷᠤᠯᠭ᠎ᠠ ᠶᠢ ᠨᠢ ᠪᠤᠳᠤᠵᠤ ᠦᠵᠡᠪᠡᠯ ᠡᠳᠡᠨ ᠤ ᠡᠨᠡ ᠵᠢᠯ ᠤᠨ ᠮᠠᠯ ᠬᠤᠳᠠᠯᠳᠤᠬᠰᠠᠨ ᠤᠷᠤᠯᠭ᠎ᠠ ᠪᠠᠷᠤᠭ 65 — 67 ᠲᠦᠮᠡᠨ ᠲᠦᠭᠦᠷᠢᠭ ᠤᠨ ᠤᠷᠴᠢᠮ ᠳᠤ ᠭᠦᠷᠭᠦ ᠶᠤᠮ ᠪᠠᠶᠢᠨ᠎ᠠ᠃     ᠱᠠᠷᠦ᠋ᠯᠠᠢ ᠦᠭᠡᠷ ᠮᠠᠯᠵᠢᠬᠤ ᠪᠠᠷ ᠳᠤᠰᠬᠠᠢᠢᠵᠢᠵᠤ ᠶᠠᠪᠤᠭ᠎ᠠ ᠮᠠᠯᠴᠢᠨ ᠡᠷᠳᠡᠨᠢᠪᠠᠭᠠᠳᠤᠷ ᠤᠨ ᠬᠢᠨ ᠪᠤᠯ ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠳᠤ ᠶᠢᠨ ᠭᠤᠤᠯ ᠪᠠᠯᠭᠠᠰᠤᠨ ᠤ ᠤᠷᠳᠤ ᠶᠢᠨ ᠭᠤᠤᠯ ᠭᠠᠴᠠᠭᠠᠨ ᠤ ᠮᠠᠯᠴᠢᠨ ᠠᠶᠢᠯ ᠪᠤᠯᠬᠤ ᠶᠤᠮ᠃ ᠠᠯᠢ ᠡᠷᠳᠡ 2001 ᠤᠨ ᠠᠴᠠ ᠡᠭᠢᠯᠡᠨ ᠰᠢᠯᠢᠳᠡᠭ ᠡᠭᠦᠯᠳᠡᠷ ᠤᠨ ᠱᠠᠷᠦ᠋ᠯᠠᠢ ᠦᠭᠡᠷ ᠰᠤᠩᠭᠤᠨ ᠪᠤᠶᠢᠵᠢᠭᠤᠯᠤᠬᠰᠠᠨ ᠪᠦᠭᠡᠳ ᠤᠳᠤ ᠤᠯᠠᠩᠭᠢ ᠨᠢ ᠪᠦᠷ ᠭᠤᠷᠪᠠᠳᠤᠭᠠᠷ ᠦᠶ᠎ᠡ ᠶᠢᠨ ᠱᠠᠷᠦ᠋ᠯᠠᠢ ᠦᠭᠡᠷ ᠪᠤᠯᠤᠬᠰᠠᠨ ᠪᠤᠯᠬᠤᠷ ᠳᠤᠰ ᠨᠤᠳᠤᠭ ᠤᠨ ᠠᠭᠤᠷ ᠠᠮᠢᠰᠬᠤᠯ᠂ ᠪᠡᠯᠴᠢᠭᠡᠷ ᠤᠰᠤᠨ ᠳᠤ ᠪᠦᠷ ᠵᠤᠭᠢᠴᠠᠬᠰᠠᠨ ᠪᠠᠶᠢᠵᠠᠢ᠃     ᠡᠳᠡᠨ ᠤ ᠨᠤᠳᠤᠭ ᠪᠡᠯᠴᠢᠭᠡᠷ ᠪᠠᠭ᠎ᠠ ᠪᠠᠶᠢᠵᠤ᠂ ᠲᠦᠷᠪᠡᠨ ᠭᠦᠮᠦᠨ ᠤ 2840 ᠮᠦ ᠯᠡ ᠪᠡᠯᠴᠢᠬᠡᠷ ᠲᠠᠢ ᠪᠤᠯᠬᠤᠷ ᠨᠤᠳᠤᠭ ᠲᠦᠷᠢᠶᠠᠰᠦᠯᠡᠳᠡᠭ᠃ ᠤᠤᠯ ᠨᠢ ᠡᠳᠡᠨ ᠤ ᠬᠢ ᠪᠤᠰᠤᠳ ᠤᠨ 3550 ᠮᠦ ᠪᠡᠯᠴᠢᠬᠡᠷ ᠢ ᠮᠦ ᠪᠦᠷᠢ ᠶᠢ ᠵᠢᠯ ᠤᠨ 11 ᠲᠦᠭᠦᠷᠢᠭ ᠢᠶᠠᠷ ᠲᠦᠷᠢᠶᠡᠰᠦᠯᠡᠵᠤ ᠪᠠᠶᠢᠵᠠᠢ᠃ ᠡᠨᠡ ᠵᠢᠯ ᠬᠤᠭᠤᠴᠠᠭ᠎ᠠ ᠨᠢ ᠳᠤᠯᠤᠬᠰᠠᠨ ᠪᠤᠯᠬᠤᠷ ᠳᠠᠭᠢᠭᠠᠳ ᠲᠦᠷᠢᠶᠡᠰᠦᠯᠡᠭᠦ ᠳᠤ ᠦᠨ᠎ᠡ ᠨᠢ ᠦᠰᠦᠭᠰᠡᠨ ᠪᠤᠯᠬᠤᠷ 20 ᠲᠦᠮᠡᠨ ᠲᠦᠭᠦᠷᠢᠭ ᠢᠶᠠᠷ ᠦᠷᠬᠦᠯᠵᠢᠯᠡᠨ ᠲᠦᠷᠪᠡᠨ ᠵᠢᠯ ᠲᠦᠷᠢᠶᠡᠰᠦᠯᠡᠭᠰᠡᠨ ᠪᠠᠶᠢᠵᠠᠢ᠃ ᠡᠨᠡ ᠪᠤᠯ ᠡᠳᠡᠨ ᠤ ᠡᠨᠡ ᠵᠢᠯ ᠤᠨ ᠶᠡᠭᠡ ᠵᠠᠷᠤᠳᠠᠯ ᠤᠨ ᠭᠢᠨᠢ ᠨᠢᠭᠡ ᠪᠠᠶᠢᠭ᠎ᠠ ᠶᠤᠮ᠃ ︽ᠮᠠᠨ ᠤ ᠨᠤᠳᠤᠭ ᠪᠠᠭ᠎ᠠ ᠪᠤᠯᠬᠤᠷ ᠪᠢᠳᠡ ᠢᠯᠡᠭᠦᠦ ᠬᠤᠶᠠᠷ ᠮᠠᠯ ᠮᠠᠯᠵᠢᠬᠤ ᠭᠡᠪᠡᠯ ᠵᠠᠪᠠᠯ ᠨᠤᠳᠤᠭ ᠪᠡᠯᠴᠢᠭᠡᠷ ᠲᠦᠷᠢᠶᠡᠰᠦᠯᠡᠭᠦ ᠴᠢᠬᠤᠯᠠᠳᠠᠢ᠃ ᠤᠢᠢᠷ᠎ᠠ ᠶᠢᠨ ᠵᠢᠯ ᠳᠤ ᠨᠤᠳᠤᠭ ᠤᠨ ᠲᠦᠷᠢᠶᠡᠰᠦ ᠶᠡᠭᠡᠪᠡᠷ ᠦᠰᠴᠤ ᠪᠠᠶᠢᠭ᠎ᠠ ᠪᠤᠯᠬᠤᠷ ᠡᠨᠡ ᠳᠠᠯ᠎ᠠ ᠶᠢᠨ ᠵᠠᠷᠤᠳᠠᠯ ᠴᠤ ᠶᠡᠭᠡ ᠪᠠᠶᠢᠨ᠎ᠠ᠃ ᠬᠤᠶᠢᠰᠢᠳᠡ ᠨᠤᠳᠤᠭ ᠤᠨ ᠲᠦᠷᠢᠶᠡᠰᠦ ᠦᠷᠭᠦᠯᠵᠢᠯᠡᠨ ᠦᠰᠴᠤ᠂ ᠮᠠᠯ ᠤᠨ ᠦᠨ᠎ᠡ ᠦᠰᠭᠦ ᠦᠭᠡᠢ ᠪᠠᠭᠤᠷᠠᠭᠠᠳ ᠪᠠᠶᠢᠪᠠᠯ ᠪᠠᠰᠠ ᠭᠡᠴᠡᠭᠦᠦ ᠪᠤᠯᠤᠨ᠎ᠠ︾ ᠭᠡᠵᠤ ᠡᠷᠳᠡᠨᠢᠪᠠᠭᠠᠳᠤᠷ ᠪᠤᠳᠤᠯ ᠪᠤᠯᠤᠨ᠎ᠠ᠃       ᠡᠲᠡᠨᠡᠶᠢᠬᠢᠨ ᠦᠭᠡᠷ ᠢᠶᠠᠨ ᠪᠡᠯᠴᠢᠭᠡᠷᠯᠡᠭᠦᠯᠦᠨ ᠮᠠᠯᠵᠢᠬᠤ ᠶᠢᠨ ᠵᠡᠷᠭᠡ ᠳᠤ ᠡᠪᠤᠯ ᠬᠠᠪᠤᠷ ᠤᠨ ᠴᠠᠭ ᠲᠠᠭᠠᠨ ᠡᠪᠡᠰᠤ ᠪᠤᠷᠳᠤᠭ᠎ᠠ ᠨᠦᠭᠦᠪᠦᠷᠢᠯᠡᠳᠡᠭ᠃ ︽ᠮᠠᠨ ᠤ ᠬᠢ ᠶᠡᠷᠦᠳᠡᠭᠡᠨ 12 ᠳ᠋ᠤᠭᠠᠷ ᠰᠠᠷ᠎ᠠ ᠠᠴᠠ ᠡᠭᠢᠯᠡᠨ ᠦᠭᠡᠷ ᠰᠦᠷᠦᠭ ᠲᠡᠭᠡᠨ ᠪᠤᠷᠳᠤᠭ᠎ᠠ ᠨᠦᠭᠦᠪᠦᠷᠢᠯᠡᠨ ᠦᠭᠳᠡᠭ᠃ ᠡᠪᠤᠯ ᠬᠠᠪᠤᠷ ᠤᠨ ᠴᠠᠭ ᠲᠠᠭᠠᠨ ᠢᠡᠭᠭᠢᠵᠤ ᠪᠡᠯᠴᠢᠭᠡᠷᠯᠡᠭᠦᠯᠦᠨ ᠮᠠᠯᠵᠢᠬᠤ ᠶᠢᠨ ᠵᠡᠷᠭᠡ ᠳᠤ ᠡᠪᠡᠰᠤ ᠪᠤᠷᠳᠤᠭ᠎ᠠ ᠨᠦᠭᠦᠪᠦᠷᠢᠯᠡᠵᠤ ᠦᠭᠪᠡᠯ ᠮᠠᠯ ᠤᠨ ᠳᠠᠷᠭᠤ ᠭᠦᠴᠦ ᠶᠢ ᠪᠠᠳᠤᠯᠠᠬᠤ ᠳᠤ ᠰᠠᠶᠢᠨ︾ ᠭᠡᠵᠤ ᠡᠷᠳᠡᠨᠢᠪᠠᠭᠠᠳᠤᠷ ᠤᠴᠢᠷᠯᠡᠨ᠎ᠠ᠃ ᠡᠷᠳᠡᠨᠢᠪᠠᠭᠠᠳᠤᠷ ᠪᠦᠰᠡᠭᠦᠢ ᠰᠡᠴᠡᠨᠭᠡᠷᠡᠯ ᠲᠠᠢ ᠪᠠᠨ ᠬᠤᠶᠠᠭᠤᠯᠠ ᠠᠵᠢᠯ ᠭᠦᠳᠡᠯᠮᠦᠷᠢ ᠳᠤ ᠰᠠᠶᠢᠨ ᠪᠦᠭᠡᠳ ᠨᠤᠮ ᠪᠢᠴᠢᠭ ᠦᠵᠡᠵᠤ ᠰᠢᠨᠵᠢᠯᠡᠭᠦ ᠤᠬᠠᠭᠠᠨᠴᠢ ᠪᠠᠷ ᠮᠠᠯᠵᠢᠬᠤ ᠶᠢ ᠪᠠᠷᠢᠮᠳᠠᠯᠠᠵᠤ ᠶᠠᠪᠤᠳᠠᠭ᠃ ᠡᠪᠤᠯ ᠬᠠᠪᠤᠷ ᠤᠨ ᠴᠠᠭ ᠲᠤ ᠦᠭᠡᠷ ᠢᠶᠠᠨ ᠠᠷᠠᠴᠢᠯᠠᠨ ᠳᠡᠵᠢᠭᠡᠭᠦ ᠳᠡᠭᠡᠨ ᠪᠢᠷᠠᠭᠤ ᠰᠢᠳᠤᠯᠠᠩ᠂ ᠳᠤᠭᠤᠯ ᠲᠠᠢ ᠦᠨᠢᠶ᠎ᠡ᠂ ᠰᠤᠪᠠᠢ ᠦᠨᠢᠶ᠎ᠠ ᠭᠡᠵᠤ ᠢᠯᠭᠠᠳᠠᠭ ᠢᠶᠠᠷ ᠪᠠᠷᠠᠬᠤ ᠦᠭᠡᠢ ᠦᠭᠡᠷ ᠤᠨ ᠡᠪᠡᠰᠤ ᠢᠳᠡᠰᠢᠯᠡᠭᠦ ᠪᠠᠶᠢᠳᠠᠯ ᠢ ᠨᠢ ᠦᠨᠳᠦᠰᠦᠯᠡᠨ ᠪᠠᠰᠠ ᠲᠦᠷᠭᠡᠨ ᠢᠳᠡᠳᠡᠭ ᠢ ᠨᠢ ᠲᠦᠷᠭᠡᠨ ᠢᠳᠡᠳᠡᠭ ᠲᠠᠢ ᠨᠢ᠂ ᠤᠳᠠᠭᠠᠨ ᠢᠳᠡᠳᠡᠭ ᠢ ᠨᠢ ᠤᠳᠠᠭᠠᠨ ᠢᠳᠡᠳᠡᠭ ᠲᠠᠢ ᠨᠢ ᠴᠤᠭ ᠭᠡᠮᠡᠨ ᠨᠠᠷᠢᠨ ᠢᠯᠭᠠᠨ ᠳᠡᠵᠢᠭᠡᠳᠡᠭ᠃ ᠡᠪᠤᠯ ᠬᠠᠪᠤᠷ ᠤᠨ ᠴᠠᠭ ᠲᠤ ᠨᠢᠭᠡ ᠦᠭᠡᠷ ᠤᠨ 3 — 4 ᠵᠢᠩ ᠤᠨ ᠪᠠᠷᠢᠮᠵᠢᠶ᠎ᠠ ᠪᠠᠷ ᠡᠳᠤᠷ ᠲᠤ ᠨᠢᠭᠡ ᠤᠳᠠᠭ᠎ᠠ ᠪᠤᠷᠳᠤᠭ᠎ᠠ ᠦᠭᠴᠤ᠂ ᠪᠡᠯᠴᠢᠭᠡᠷ ᠤᠨ ᠪᠠᠶᠢᠳᠠᠯ᠂ ᠵᠢᠯ ᠤᠨ ᠦᠡᠭᠭᠡ ᠵᠡᠷᠭᠡ ᠪᠠᠨ ᠦᠨᠳᠦᠰᠦᠯᠡᠨ ᠡᠳᠤᠷ ᠤᠨ ᠨᠢᠭᠡ ᠠᠴᠠ ᠬᠤᠶᠠᠷ ᠤᠳᠠᠭ᠎ᠠ ᠡᠪᠡᠰᠤᠯᠡᠳᠡᠭ᠃ ᠳᠡᠶᠢᠮᠤ ᠠᠴᠠ ᠳᠡᠳᠡᠨ ᠤ ᠡᠪᠡᠰᠤ ᠪᠤᠷᠳᠤᠭᠠᠨ ᠤ ᠵᠠᠷᠤᠳᠠᠯ ᠶᠡᠭᠡ ᠪᠠᠶᠢᠵᠤ᠂ ᠰᠠᠶᠢᠨ ᠵᠢᠯ ᠪᠤᠯ 10 ᠲᠦᠮᠡᠨ ᠲᠦᠭᠦᠷᠢᠭ ᠤᠨ ᠡᠪᠡᠰᠤ᠂ 5 — 6 ᠲᠦᠮᠡᠨ ᠲᠦᠭᠦᠷᠢᠭ ᠤᠨ ᠪᠤᠷᠳᠤᠭ᠎ᠠ ᠠᠪᠳᠠᠭ᠃ ᠭᠡᠳᠡᠯ᠎ᠡ ᠦᠨᠦ ᠵᠢᠯ ᠭᠠᠩ ᠶᠡᠭᠡᠳᠠᠢ ᠪᠤᠯᠤᠬᠰᠠᠨ ᠠᠴᠠ ᠳᠡᠳᠡᠨ ᠤ ᠡᠪᠡᠰᠤ ᠪᠤᠷᠳᠤᠭᠠᠨ ᠤ ᠵᠠᠷᠤᠳᠠᠯ ᠦᠡᠭᠭᠡᠷᠡᠭᠰᠡᠨ ᠵᠢᠯ ᠤᠳ ᠠᠴᠠ ᠪᠠᠨ ᠬᠤᠯᠠ ᠨᠡᠮᠡᠭᠳᠡᠭᠰᠡᠨ ᠪᠠᠶᠢᠯ᠎ᠠ᠃ ︽ᠦᠨᠦ ᠵᠢᠯ ᠶᠡᠭᠡ ᠭᠠᠨᠭ᠍ᠳᠠᠬᠰᠠᠨ ᠮᠦᠷᠳᠡᠭᠡᠨ ᠦᠭᠡᠷ ᠢᠶᠠᠨ ᠬᠠᠳᠤᠯᠠᠩ ᠤᠨ ᠭᠠᠵᠡᠷ ᠲᠠᠭᠠᠨ ᠪᠡᠯᠴᠢᠭᠡᠷᠯᠡᠬᠦᠯᠦᠭᠰᠡᠨ ᠪᠤᠯᠬᠤᠷ ᠭᠠᠳᠠᠨ᠎ᠠ ᠠᠴᠠ ᠶᠡᠭᠡ ᠭᠡᠮᠵᠢᠶᠡᠨ ᠤ ᠡᠪᠡᠰᠤ ᠪᠤᠷᠳᠤᠭ᠎ᠠ ᠠᠪᠤᠨ᠎ᠠ᠃ ᠪᠠᠷᠤᠭ 80 — 90 ᠳᠤᠨ ᠡᠪᠡᠰᠤ᠂ 8 — 10 ᠲᠦᠮᠡᠨ ᠵᠢᠩ ᠪᠤᠷᠳᠤᠭ᠎ᠠ ᠠᠪᠬᠤ ᠦᠭᠡᠢ ᠪᠤᠯ ᠭᠦᠷᠭᠦ ᠦᠭᠡᠢ᠃ ᠦᠨᠦ ᠵᠢᠯ ᠡᠪᠡᠰᠤ ᠦᠨᠡᠳᠠᠢ ᠪᠤᠯᠬᠤᠷ ᠡᠪᠡᠰᠤ ᠪᠤᠷᠳᠤᠭ᠎ᠠ ᠬᠤᠳᠠᠯᠳᠤᠨ ᠠᠪᠬᠤ ᠳᠤ ᠪᠠᠰᠠ 25 ᠲᠦᠮᠡᠨ ᠲᠦᠭᠦᠷᠢᠭ ᠤᠨ ᠵᠠᠷᠤᠳᠠᠯ ᠭᠠᠷᠤᠨ᠎ᠠ᠃ ᠭᠠᠩ ᠭᠠᠴᠢᠬ ᠲᠠᠢ ᠵᠢᠯ ᠪᠤᠯᠪᠠᠯ ᠵᠠᠷᠤᠯᠭ᠎ᠠ ᠠᠶᠠᠨᠳᠠᠭᠠᠨ ᠶᠡᠭᠡ ᠪᠤᠯᠤᠨ᠎ᠠ ᠰᠢᠤ︾ ᠭᠡᠵᠤ ᠡᠷᠳᠡᠨᠢᠪᠠᠭᠠᠳᠤᠷ ᠪᠢᠳᠡᠨ ᠳᠤ ᠳᠠᠩᠰᠠ ᠪᠤᠳᠤᠵᠤ ᠦᠭᠭᠦᠯ᠎ᠡ᠃ ᠡᠭᠦᠨ ᠠᠴᠠ ᠭᠠᠳᠠᠨ᠎ᠠ ᠬᠤᠷᠤᠬᠠᠢ ᠳᠠᠭᠤᠬᠤ᠂ ᠲᠦᠯ ᠮᠠᠯ ᠤᠨ ᠡᠮ ᠵᠡᠷᠭᠡ ᠳᠤ ᠪᠠᠰᠠ ᠨᠢᠭᠡ ᠲᠦᠮᠡᠨ ᠲᠦᠭᠦᠷᠢᠭ ᠤᠨ ᠵᠠᠷᠤᠳᠠᠯ ᠤᠷᠤᠳᠠᠭ ᠪᠠᠶᠢᠨ᠎ᠠ᠃ ᠳᠡᠶᠢᠮᠤ ᠠᠴᠠ ᠡᠨᠡ ᠵᠢᠯ ᠡᠷᠲᠡᠨᠢᠪᠠᠭᠠᠲᠤᠷ ᠤᠨ ᠬᠢᠨ ᠮᠠᠯᠵᠢᠬᠤ ᠦᠢᠯᠡᠳᠪᠦᠷᠢᠯᠡᠯ ᠤᠨ ᠵᠠᠷᠤᠳᠠᠯ ᠨᠢ ᠪᠠᠷᠤᠭ 46 — 47 ᠲᠦᠮᠡᠨ ᠲᠦᠭᠦᠷᠢᠭ ᠭᠦᠷᠴᠠᠢ᠃ ᠭᠠᠩ ᠲᠠᠢ ᠵᠢᠯ ᠵᠠᠷᠤᠳᠠᠯ ᠶᠡᠭᠡ ᠪᠠᠶᠢᠳᠠᠭ ᠪᠤᠯᠬᠤᠷ ᠡᠨᠡ ᠵᠢᠯ ᠦᠭᠡᠷ ᠰᠦᠷᠦᠭ ᠠᠴᠠ ᠪᠠᠨ 100 ᠭᠠᠷᠤᠢ ᠶᠢ ᠬᠤᠳᠠᠯᠳᠤᠵᠤ᠂ ᠵᠦᠪᠭᠡᠨ ᠵᠠᠭᠤ ᠶᠢ ᠯᠡ ᠦᠯᠡᠳᠡᠭᠡᠭᠰᠡᠨ ᠪᠠᠶᠢᠨ᠎ᠠ᠃ ᠬᠠᠰᠢᠷ ᠮᠠᠯᠴᠢᠨ ᠭᠦᠮᠦᠨ ᠤ ᠤᠬᠠᠭᠠᠨ ᠭᠡᠵᠤ ᠡᠨᠡ ᠪᠠᠶᠢᠭ᠎ᠠ ᠶᠤᠮ᠃       ᠮᠠᠯᠴᠢᠨ ᠡᠷᠳᠡᠨᠢᠪᠠᠭᠠᠳᠤᠷ ᠰᠢᠯᠢᠳᠡᠭ ᠡᠭᠦᠯᠳᠡᠷ ᠤᠨ ᠦᠭᠡᠷ ᠮᠠᠯᠵᠢᠵᠤ ᠶᠠᠪᠤᠬᠤ ᠳᠠᠭᠠᠨ ᠠᠯᠢ ᠡᠷᠳᠡ 2 ᠲᠦᠮᠡᠨ ᠲᠦᠭᠦᠷᠢᠭ ᠤᠨ ᠪᠡᠯᠡ ᠤᠷᠤᠭᠤᠯᠵᠤ᠂ ᠨᠤᠳᠤᠭ ᠪᠡᠯᠴᠢᠭᠡᠷ ᠢᠶᠠᠨ ᠪᠡᠯᠴᠢᠭᠡᠷ ᠬᠠᠳᠤᠯᠠᠩ ᠭᠡᠵᠤ ᠬᠤᠪᠢᠶᠠᠨ ᠳᠤᠤᠷᠯᠠᠬᠰᠠᠨ ᠪᠦᠭᠡᠳ ᠲᠦᠴᠢᠭᠡᠳ ᠲᠦᠮᠡᠨ ᠲᠦᠭᠦᠷᠢᠭ ᠤᠨ ᠪᠡᠯᠡ ᠤᠷᠤᠭᠤᠯᠤᠨ 20 ᠭᠡᠳᠤᠨ ᠲᠠᠰᠤᠯᠭ᠎ᠠ ᠫᠧᠩ ᠬᠤᠷᠤᠭ᠎ᠠ ᠪᠠᠶᠢᠭᠤᠯᠵᠤ᠂ ᠰᠠᠭᠤᠷᠢ ᠪᠦᠳᠦᠭᠡᠨ ᠪᠠᠶᠢᠭᠤᠯᠤᠯᠳᠠ ᠪᠠᠨ ᠰᠠᠶᠢᠵᠢᠷᠠᠭᠤᠯᠵᠠᠢ᠃ ᠲᠡᠷᠡᠴᠢᠯᠡᠨ ᠪᠦᠰᠡᠭᠦᠢ ᠲᠠᠢ ᠪᠠᠨ ᠬᠤᠶᠠᠭᠤᠯᠠ ᠪᠦᠷ ᠢᠴᠡᠭᠡᠯ ᠦᠷ᠎ᠡ ᠶᠢᠨ ᠭᠡᠭᠡᠯᠳᠦᠭᠦᠯᠭᠡ ᠭᠢᠬᠦ ᠮᠡᠷᠬᠡᠵᠢᠯ ᠢ ᠰᠤᠷᠤᠬᠰᠠᠨ ᠪᠤᠯᠬᠤᠷ ᠡᠨᠡ ᠳᠠᠯ᠎ᠠ ᠶᠢᠨ ᠵᠠᠷᠤᠳᠠᠯ ᠢᠶᠠᠨ ᠠᠷᠪᠢᠯᠠᠵᠤ ᠴᠢᠳᠠᠬᠰᠠᠨ ᠢᠶᠠᠷ ᠪᠠᠷᠠᠬᠤ ᠦᠭᠡᠢ ᠭᠡᠭᠡᠯ ᠳᠤᠬᠳᠠᠬᠤ ᠨᠤᠷᠮ᠎ᠠ ᠴᠤ ᠦᠨᠳᠦᠷ ᠪᠠᠶᠢᠵᠤ ᠢᠯᠡᠭᠦᠦ ᠲᠦᠯ ᠳᠤᠰᠴᠢᠬᠠᠳᠠᠭ ᠪᠠᠶᠢᠯ᠎ᠠ᠃ ︽ᠮᠠᠨ ᠤ ᠦᠭᠡᠷ ᠤᠳ ᠪᠤᠰᠤᠳ ᠤᠨ ᠬᠢ ᠠᠴᠠ ᠢᠯᠡᠭᠦᠦ ᠦᠨ᠎ᠡ ᠳᠤ ᠭᠦᠷᠴᠤ ᠴᠢᠳᠠᠳᠠᠭ ᠨᠢ ᠢᠴᠡᠭᠡᠯ ᠦᠷ᠎ᠡ ᠶᠢᠨ ᠭᠡᠭᠡᠯᠳᠦᠭᠦᠯᠭᠡ ᠭᠢᠭᠦ ᠶᠢ ᠪᠠᠷᠢᠮᠳᠠᠯᠡᠵᠤ ᠢᠷᠡᠭᠰᠡᠨ ᠲᠠᠢ ᠬᠤᠯᠪᠤᠭ᠎ᠠ ᠲᠠᠢ᠃ ᠢᠴᠡᠭᠡᠯ ᠦᠷ᠎ᠡ ᠶᠢᠨ ᠭᠡᠭᠡᠯᠳᠦᠭᠦᠯᠭᠡ ᠭᠢᠪᠡᠯ ᠳᠤᠭᠤᠯᠯᠠᠬᠤ ᠨᠤᠷᠮ᠎ᠠ ᠦᠨᠳᠤᠷ ᠪᠦᠭᠡᠳ ᠪᠡᠶ᠎ᠡ ᠪᠠᠷ ᠴᠤ ᠳᠤᠮᠤ︾ ᠭᠡᠰᠡᠨ ᠡᠷᠳᠡᠨᠢᠪᠠᠭᠠᠳᠤᠷ ᠤᠨ ᠶᠠᠷᠢᠶᠠᠨ ᠠᠴᠠ ᠪᠢᠳᠡ ᠰᠢᠯᠢᠳᠡᠭ ᠡᠭᠦᠯᠳᠡᠷ ᠤᠨ ᠦᠭᠡᠷ ᠮᠠᠯᠵᠢᠬᠤ ᠳᠤ ᠢᠴᠡᠭᠡᠯ ᠦᠷ᠎ᠡ ᠶᠢᠨ ᠭᠡᠭᠡᠯᠳᠦᠭᠦᠯᠭᠡ ᠶᠢ ᠰᠠᠶᠢᠨ ᠭᠢᠭᠦ ᠪᠤᠯ ᠮᠠᠰᠢ ᠴᠢᠬᠤᠯᠠ ᠪᠦᠭᠡᠳ ᠡᠨᠡ ᠨᠢ ᠮᠦᠨ ᠤᠷᠤᠯᠭ᠎ᠠ ᠪᠠᠨ ᠨᠡᠮᠡᠭᠳᠡᠭᠦᠯᠭᠦ ᠪᠠᠰᠠ ᠨᠢᠭᠡᠨ ᠠᠷᠭ᠎ᠠ ᠵᠠᠮ ᠭᠡᠳᠡᠭ ᠢ ᠮᠡᠳᠡᠵᠤ ᠪᠢᠯᠡ᠃       ᠮᠠᠯᠴᠢᠨ ᠡᠷᠳᠡᠨᠢᠪᠠᠭᠠᠳᠤᠷ ᠪᠦᠰᠡᠭᠦᠢ ᠲᠠᠢ ᠪᠠᠨ ᠬᠤᠶᠠᠭᠤᠯᠠ ᠪᠦᠷ ᠠᠵᠢᠯᠴᠢ ᠭᠦᠳᠡᠯᠮᠦᠷᠢᠴᠢ ᠭᠦᠮᠦᠨ ᠪᠠᠶᠢᠵᠤ᠂ ᠡᠪᠤᠯ ᠬᠠᠪᠤᠷ ᠤᠨ ᠴᠠᠭ ᠲᠤ ᠦᠭᠡᠷ ᠢᠶᠠᠨ ᠳᠡᠵᠢᠭᠡᠵᠦ ᠪᠤᠷᠳᠤᠬᠤ᠂ ᠭᠦᠯᠳᠡᠭᠦᠰᠦ ᠠᠪᠬᠤ᠂ ᠲᠦᠯ ᠳᠤᠰᠬᠤ ᠭᠡᠳ ᠤᠯᠠᠨ ᠠᠵᠢᠯ ᠠᠷᠤ ᠠᠷᠤ ᠠᠴᠠ ᠪᠠᠨ ᠴᠦᠷᠭᠦᠯᠡᠵᠤ ᠪᠠᠶᠢᠳᠠᠭ ᠴᠤ ᠳᠡᠷᠡ ᠬᠤᠶᠠᠷ ᠦᠪᠡᠷᠳᠡᠭᠡᠨ ᠠᠮᠵᠢᠭᠤᠯᠳᠠᠭ ᠠᠴᠠ ᠪᠢᠰᠢ ᠶᠠᠷᠤᠨᠢ ᠭᠦᠮᠦᠨ ᠭᠦᠯᠦᠰᠦᠯᠡᠳᠡᠭ ᠦᠭᠡᠢ ᠪᠤᠯᠬᠤᠷ ᠡᠨᠡ ᠳᠠᠯ᠎ᠠ ᠶᠢᠨ ᠵᠠᠷᠤᠳᠠᠯ ᠪᠠᠷᠢᠳᠠᠯ ᠢᠶᠠᠨ ᠠᠷᠪᠢᠯᠠᠴᠢᠬᠠᠳᠠᠭ ᠪᠦᠭᠡᠳ ᠮᠠᠯ ᠰᠦᠷᠦᠭ ᠨᠢ ᠴᠤ ᠳᠠᠷᠭᠤ ᠭᠦᠴᠦ ᠰᠠᠶᠢᠳᠠᠢ ᠪᠠᠶᠢᠳᠠᠭ᠃       ᠮᠠᠯᠴᠢᠨ ᠡᠷᠳᠠᠨᠢᠪᠠᠭᠠᠳᠤᠷ ᠤᠨ ᠦᠭᠡᠷ ᠮᠠᠯᠵᠢᠬᠰᠠᠨ ᠳᠤᠷᠰᠢᠯᠭ᠎ᠠ ᠠᠴᠠ ᠶᠠᠮᠠᠷ ᠮᠠᠯ ᠮᠠᠯᠵᠢᠬᠰᠠᠨ ᠴᠤ ᠤᠷᠤᠯᠭ᠎ᠠ ᠵᠠᠷᠤᠯᠭ᠎ᠠ ᠶᠢᠨ ᠳᠠᠩᠰᠠ ᠪᠠᠨ ᠰᠠᠶᠢᠳᠤᠷ ᠪᠤᠳᠤᠬᠤ ᠭᠡᠷᠡᠭᠳᠠᠢ ᠪᠦᠭᠡᠳ ᠦᠷ᠎ᠠ ᠠᠰᠢᠬ ᠢ ᠨᠢ ᠳᠡᠭᠡᠭᠰᠢᠯᠡᠭᠦᠯᠭᠦ ᠳᠠᠯ᠎ᠠ ᠪᠠᠷ ᠢᠯᠡᠭᠦᠭᠡᠨ ᠭᠦᠴᠦ ᠤᠷᠤᠭᠤᠯᠬᠤ ᠭᠡᠷᠡᠭᠳᠠᠢ ᠭᠡᠳᠡᠭ ᠢ ᠮᠡᠳᠡᠵᠤ ᠪᠤᠯᠤᠨ᠎ᠠ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号