ᠬᠤᠨᠢ ᠪᠠᠨ ᠪᠦᠬᠦᠨ ᠢ ᠰᠢᠢᠳᠪᠦᠷᠢᠯᠡᠵᠦ ᠦᠭᠡᠷ ᠮᠠᠯᠵᠢᠭᠰᠠᠨ ᠤ ᠤᠴᠢᠷ — ᠦᠬᠡᠷ ᠢᠶᠠᠷ ᠲᠤᠰᠬᠠᠶᠢᠵᠢᠵᠦ ᠶᠠᠪᠤᠭ᠎ᠠ ᠮᠠᠯᠴᠢᠨ ᠳᠠᠪᠰᠢᠯᠲᠤ ᠶᠢ ᠰᠤᠷᠪᠤᠯᠵᠢᠯᠠᠭᠠᠳ
ᠨᠡᠶᠢᠲᠡᠯᠡᠭᠰᠡᠨ ᠴᠠᠭ᠄
2016-10-09
    ᠰᠢᠨ᠎ᠠ ᠶᠢ ᠰᠡᠳᠬᠢᠨ᠂ ᠰᠢᠨ᠎ᠠ ᠡᠵᠡᠩᠨᠡᠯᠳᠡ ᠬᠢᠨ᠎ᠠ ᠭᠡᠳᠡᠭ ᠭᠡᠯᠡᠭᠦ ᠳᠤ ᠬᠢᠯᠪᠠᠷ ᠪᠤᠯᠪᠠᠴᠦ ᠬᠢᠭᠦ ᠳᠤ ᠭᠦᠴᠢᠷ᠃ ᠢᠯᠠᠩᠭᠤᠶ᠎ᠠ ᠤᠳᠤ ᠦᠶ᠎ᠠ ᠶᠢᠨ ᠮᠠᠯ ᠠᠵᠦ ᠠᠬᠤᠢ ᠶᠢᠨ ᠭᠦᠭᠵᠢᠯᠳᠡ ᠶᠢᠨ ᠬᠠᠨᠳᠤᠰᠢ ᠳᠤ ᠵᠤᠬᠢᠴᠠᠭᠤᠯᠵᠦ᠂ ᠢᠪᠴᠤᠤ ᠨᠤᠳᠤᠭ ᠲᠤ ᠴᠥᠭᠡᠨ ᠮᠠᠯ ᠮᠠᠯᠵᠢᠵᠦ ᠦᠨᠳᠦᠷ ᠠᠰᠢᠭ ᠡᠭᠦᠳᠦᠨ᠎ᠠ ᠭᠡᠳᠡᠭ ᠨᠡᠩ ᠬᠢᠯᠪᠡᠷ ᠪᠤᠰᠤ᠃ ᠡᠬᠦᠨ ᠳᠤ ᠲᠠᠩᠰᠠ ᠪᠤᠳᠤᠵᠦ ᠮᠠᠯ ᠮᠠᠯᠵᠢᠪᠠᠯ ᠴᠢᠨᠡᠭᠡᠯᠢᠭ ᠠᠮᠢᠳᠤᠷᠠᠯ ᠢᠶᠠᠨ ᠴᠤᠭᠴᠠᠯᠠᠵᠦ ᠴᠢᠳᠠᠨ᠎ᠠ ᠭᠡᠳᠡᠭ ᠢ ᠡᠷᠳᠡ ᠤᠬᠠᠭᠠᠷᠠᠵᠤ᠂ ᠪᠡᠶᠡᠯᠡᠭᠦᠯᠵᠦ ᠶᠠᠪᠤᠭ᠎ᠠ ᠨᠢᠭᠡᠨ ᠬᠦᠮᠦᠨ ᠪᠤᠯ ᠲᠠᠷᠦᠢ ᠰᠢᠯᠤᠭᠤᠨ ᠭᠦᠭᠡ ᠬᠤᠰᠢᠭᠤᠨ ᠤ ᠨᠠᠷᠠᠳᠦ ᠰᠤᠮᠤᠨ ᠤ ᠭᠤᠭᠤᠰᠤᠳᠠᠢ ᠭᠠᠴᠠᠭᠠᠨ ᠤ ᠮᠠᠯᠴᠢᠨ ᠲᠠᠪᠰᠢᠯᠳᠦ ᠪᠤᠯᠤᠨ᠎ᠠ᠃     ᠤᠯᠠᠮᠵᠢᠯᠠᠯᠳᠦ ᠮᠠᠯᠵᠢᠯ ᠤᠨ ᠠᠷᠭ᠎ᠠ ᠬᠡᠯᠪᠡᠷᠢ ᠪᠠᠷ ᠦᠭᠡᠷᠡᠴᠢᠯᠡᠨ᠎ᠠ ᠭᠡᠭᠴᠢ ᠲᠤᠯᠤᠭ᠎ᠠ ᠬᠤᠪᠢᠶᠠᠵᠤ ᠨᠠᠢᠮᠠ ᠬᠡᠮᠨᠡᠬᠦ ᠰᠢᠷᠭᠠᠭᠠᠮᠵᠢ ᠤᠬᠠᠭᠠᠨ ᠵᠤᠷᠢᠭ ᠱᠠᠭᠠᠷᠳᠠᠭᠳᠠᠨ᠎ᠠ᠃ ᠮᠠᠯᠴᠢᠨ ᠲᠠᠪᠰᠢᠯᠳᠦ ᠦᠡᠭᠭᠡᠷᠡᠭᠰᠡᠨ ᠳᠤ ᠬᠤᠨᠢ ᠦᠭᠡᠷ ᠢ ᠵᠡᠷᠬᠡᠪᠡᠷ ᠮᠠᠯᠵᠢᠵᠦ ᠪᠠᠶᠢᠭᠰᠠᠨ ᠴᠤ ᠦᠨᠢᠷ ᠦᠰᠦᠭᠰᠡᠨ ᠲᠦᠷᠪᠡᠨ ᠵᠠᠭᠤᠭᠠᠳ ᠬᠤᠨᠢ᠂ ᠲᠦᠴᠢᠭᠡᠳ ᠦᠭᠡᠷ ᠨᠢ 1200 ᠮᠦ ᠨᠤᠳᠤᠭ ᠢ ᠨᠢ ᠬᠠᠯᠠᠯᠠᠭᠠᠳ ᠪᠠᠶᠢᠬᠤ ᠨᠢ ᠵᠤᠪᠠᠯᠠᠩ ᠪᠤᠯᠪᠠ᠃ ᠲᠠᠶᠢᠨᠬᠦ‍ ᠨᠢᠭᠡ ᠳᠤ ᠨᠤᠳᠤᠭ ᠪᠡᠯᠴᠢᠭᠡᠷ ᠢᠶᠠᠨ ᠵᠤᠬᠢᠰᠳᠠᠢ ᠠᠰᠢᠭᠯᠠᠬᠤ ᠶᠢᠨ ᠲᠤᠰᠠᠳᠠ᠂ ᠬᠤᠶᠠᠷ ᠲᠤ ᠬᠦᠳᠡᠯᠮᠤᠷᠢ ᠬᠦᠴᠤᠨ ᠳᠤ ᠠᠷᠪᠢᠳᠠᠢ ᠶᠢ ᠪᠤᠳᠤᠵᠤ᠂ 2013 ᠤᠨ ᠳᠤ ᠰᠦᠷᠦᠭ ᠤᠨ ᠪᠦᠳᠤᠴᠡ ᠳᠡᠭᠡᠨ ᠲᠦᠢᠯᠪᠤᠷᠢᠳᠠᠢ ᠦᠭᠡᠷᠡᠴᠢᠯᠡᠯᠳᠡ ᠬᠢᠵᠤ᠂ ᠪᠤᠭ ᠮᠠᠯ ᠢᠶᠠᠨ ᠰᠦᠷᠦᠭ ᠢᠶᠠᠷ ᠨᠢ ᠬᠤᠳᠠᠯᠳᠤᠪᠠ᠃ ︽ᠮᠠᠨ ᠤ ᠨᠤᠳᠤᠭ ᠪᠠᠭ᠎ᠠ ᠲᠡᠭᠡᠷ᠎ᠠ ᠪᠠᠨ ᠡᠯᠡᠰᠦᠷᠭᠡᠭ ᠭᠠᠵᠠᠷ ᠪᠤᠯᠬᠤᠷ ᠬᠤᠨᠢ ᠠᠷᠪᠢᠳᠤᠪᠠᠯ ᠲᠠᠭᠠᠭᠠᠴᠠ ᠠᠴᠠ ᠪᠠᠨ ᠭᠡᠳᠦᠷᠡᠭᠦ ᠭᠡᠳ ᠪᠤᠯᠳᠠᠭ ᠦᠭᠡᠢ᠂ ᠴᠦᠭᠡᠨ ᠮᠠᠯᠵᠢᠬᠤ ᠪᠠᠷ ᠨᠢ ᠤᠷᠤᠯᠭ᠎ᠠ ᠬᠠᠰᠤᠭᠳᠠᠨ᠎ᠠ᠂ ᠲᠡᠭᠡᠭᠡᠳ ᠦᠭᠡᠷ ᠢᠶᠠᠷ ᠲᠤᠰᠬᠠᠢᠢᠵᠢᠬᠤ ᠵᠠᠮ ᠢ ᠰᠤᠩᠭᠤᠭᠰᠠᠨ᠂ ᠦᠭᠡᠷ ᠮᠠᠯᠵᠢᠪᠠᠯ ᠭᠦᠳᠡᠯᠮᠦᠷᠢ ᠭᠦᠴᠦᠨ ᠳᠤ ᠠᠷᠪᠢᠳᠠᠢ ᠮᠦᠷᠳᠡᠭᠡᠨ ᠤᠷᠤᠯᠭ᠎ᠠ ᠴᠤ ᠲᠤᠭᠳᠠᠭᠤᠨ︾ ᠭᠡᠵᠦ ᠲᠠᠪᠰᠢᠯᠳᠦ ᠲᠠᠶᠢᠯᠪᠤᠷᠢᠯᠠᠨ᠎ᠠ᠃ ᠮᠠᠯ ᠦᠰᠭᠦ ᠠᠴᠠ ᠪᠢᠰᠢ ᠨᠤᠳᠤᠭ ᠦᠰᠭᠦ ᠦᠭᠡᠢ ᠶᠢᠨ ᠤᠴᠢᠷ ᠳᠠᠪᠰᠢᠯᠳᠦ ᠤᠳᠤ ᠭᠠᠳᠠᠨ᠎ᠠ ᠠᠴᠠ 2000 ᠮᠦ ᠨᠤᠳᠤᠭ ᠲᠦᠷᠢᠶᠠᠰᠤᠯᠡᠭᠡᠳ ᠦᠭᠡᠷ ᠢᠶᠠᠨ ᠡᠭᠦᠯᠳᠡᠷ ᠰᠢᠯᠢᠳᠡᠭᠵᠢᠬᠦᠯᠦᠨ ᠮᠠᠯᠵᠢᠬᠰᠠᠭᠠᠷ᠃     ᠲᠠᠪᠰᠢᠯᠳᠦ ᠦᠭᠡᠷ ᠢᠶᠠᠷ ᠲᠤᠰᠬᠠᠢᠢᠵᠢᠵᠤ ᠡᠬᠢᠯᠡᠮᠡᠭᠴᠡ ᠡᠭᠦᠯᠳᠡᠷ ᠰᠠᠶᠢᠵᠢᠷᠠᠭᠤᠯᠤᠯᠳᠠ ᠶᠢᠨ ᠠᠵᠢᠯ ᠲᠡᠭᠡᠷ᠎ᠠ ᠬᠦᠴᠤ ᠲᠠᠯᠪᠢᠪᠠ᠃ ᠲᠠᠷᠠ ᠬᠤᠰᠢᠭᠤᠨ ᠤ ᠪᠠᠨ ᠡᠭᠦᠯᠳᠡᠷ ᠰᠠᠶᠢᠵᠢᠷᠠᠭᠤᠯᠬᠤ ᠦᠷᠳᠡᠭᠡᠨ ᠠᠴᠠ ᠰᠢᠯᠢᠳᠡᠭ ᠡᠭᠦᠯᠳᠡᠷ ᠤᠨ ᠪᠤᠬ᠎ᠠ ᠠᠪᠴᠤ᠂ ᠦᠨᠢᠶᠠᠨ ᠳᠡᠭᠡᠨ ᠢᠴᠡᠭᠡᠯ ᠦᠷ᠎ᠠ ᠶᠢᠨ ᠭᠡᠭᠡᠯᠳᠦᠭᠦᠯᠭᠡ ᠬᠢᠵᠦ᠂ ᠬᠡᠳᠦᠨ ᠵᠢᠯ ᠤᠨ ᠰᠢᠷᠭᠠᠭᠤ ᠴᠢᠷᠮᠠᠶᠢᠯᠭ᠎ᠠ ᠪᠠᠷ ᠲᠡᠳᠡᠨ ᠤ ᠦᠭᠡᠷ ᠤᠨ ᠰᠦᠷᠦᠭ ᠤᠨ ᠡᠭᠦᠯᠳᠡᠷ ᠰᠠᠶᠢᠵᠢᠷᠠᠭᠤᠯᠤᠯᠳᠠ ᠮᠡᠳᠡᠭᠳᠡᠮ᠎ᠠ ᠰᠠᠶᠢᠵᠢᠷᠠᠵᠤ᠂ ᠠᠩᠬᠠᠨ ᠤ ᠵᠢᠯ ᠲᠤᠰᠤᠭᠰᠠᠨ ᠦᠬᠢᠨ ᠪᠢᠷᠠᠭᠤ᠂ ᠡᠷ᠎ᠠ ᠲᠤᠭᠤᠯ ᠢᠶᠠᠨ 8000 ᠰᠢᠬᠠᠮ ᠲᠦᠭᠦᠷᠢᠭ ᠢᠶᠠᠷ ᠬᠤᠳᠠᠯᠳᠤᠵᠤ ᠶᠡᠭᠡ ᠪᠠᠶᠠᠷᠯᠠᠯ᠎ᠠ ᠭᠡᠳᠡᠭ᠃ ᠲᠠᠪᠰᠢᠯᠳᠦ ᠶᠢᠨ ᠦᠭᠡᠷ ᠦᠨ᠎ᠠ ᠳᠤ ᠬᠦᠷᠴᠤ ᠪᠠᠶᠢᠨ᠎ᠠ ᠭᠡᠳᠡᠭ ᠢ ᠮᠡᠳᠡᠭᠰᠡᠨ ᠤᠢᠢᠷ᠎ᠠ ᠬᠠᠪᠢ ᠶᠢᠨ ᠮᠠᠯᠴᠢᠳ ᠨᠢ ᠡᠳᠡᠨᠡᠶᠢᠬᠢ ᠠᠴᠠ ᠰᠢᠯᠢᠳᠡᠭ ᠡᠭᠦᠯᠳᠡᠷ ᠤᠨ ᠪᠤᠬ᠎ᠠ ᠠᠪᠳᠠᠭ ᠪᠤᠯᠤᠭᠰᠠᠨ ᠢᠶᠠᠷ ᠡᠳᠡᠨᠡᠶᠢᠭᠢ ᠪᠤᠬᠠᠨ ᠪᠢᠷᠠᠭᠤ ᠪᠠᠨ 12000 ᠠᠴᠠ 13000 ᠲᠦᠭᠦᠷᠢᠭ ᠢᠶᠠᠷ ᠬᠤᠳᠠᠯᠳᠤᠳᠠᠭ ᠪᠤᠯᠪᠠ᠃ ᠡᠭᠦᠯᠳᠡᠷ ᠰᠠᠶᠢᠵᠢᠷᠠᠭᠤᠯᠬᠤ ᠶᠢᠨ ᠠᠰᠢᠭ ᠢ ᠭᠦᠢᠴᠡᠳ ᠲᠠᠨᠢᠭᠰᠠᠨ ᠲᠠᠪᠰᠢᠯᠳᠦ ᠡᠨᠡ ᠵᠢᠯ ᠲᠠᠬᠢᠨ ᠠᠶᠢᠮᠠᠭ ᠤᠨ ᠡᠭᠦᠯᠳᠡᠷ ᠰᠠᠶᠢᠵᠢᠷᠠᠭᠤᠯᠬᠤ ᠦᠷᠳᠡᠭᠡᠨ ᠠᠴᠠ 10 ᠴᠡᠪᠡᠷ ᠡᠭᠦᠯᠳᠡᠷ ᠤᠨ ᠰᠢᠮᠧᠨ᠋ᠲ᠋ᠠᠷ ᠦᠭᠡᠷ ᠬᠤᠳᠠᠯᠳᠤᠨ ᠠᠪᠴᠦ᠂ ᠪᠦᠭᠦᠳᠡ ᠳᠤᠨᠢ ᠢᠴᠡᠭᠡᠯ ᠦᠷ᠎ᠠ ᠶᠢᠨ ᠭᠡᠭᠡᠯᠳᠦᠭᠦᠯᠭᠡ ᠬᠢᠵᠠᠢ᠃ ᠲᠠᠪᠰᠢᠯᠳᠦ ᠶᠢᠨ ᠬᠢ ᠵᠢᠯ ᠳᠡᠭᠡᠨ ᠲᠦᠯ ᠢᠶᠠᠨ ᠲᠠᠯᠪᠢᠭᠠᠳ 140 ᠦᠭᠡᠷ ᠲᠠᠢ ᠪᠤᠯᠳᠠᠭ ᠴᠤ ᠡᠪᠤᠯᠵᠢᠬᠦᠯᠬᠦ ᠮᠠᠯ ᠢᠶᠠᠨ ᠨᠠᠶᠠᠭᠠᠳ ᠦᠭᠡᠷ ᠢᠶᠠᠷ ᠬᠢᠵᠠᠭᠠᠷᠯᠠᠳᠠᠭ᠃ ᠡᠨᠡ ᠨᠢ ᠮᠠᠯ ᠪᠡᠯᠴᠢᠭᠡᠷ ᠤᠨ ᠲᠠᠩᠴᠡᠬᠦᠷᠢ ᠶᠢ ᠪᠠᠳᠤᠯᠠᠵᠤ᠂ ᠠᠮᠢ ᠠᠬᠤᠢ ᠪᠠᠨ ᠬᠠᠮᠠᠭᠠᠯᠠᠨ ᠠᠰᠢᠭᠯᠠᠵᠤ ᠪᠠᠶᠢᠭ᠎ᠠ ᠭᠡᠷᠡᠭ᠃ ᠦᠨᠤ ᠵᠢᠯ ᠤᠨ ᠪᠡᠯᠴᠢᠭᠡᠷ ᠲᠦᠷᠦᠬᠦᠤ ᠵᠢᠯ ᠢᠶᠠᠨ ᠠᠷᠠᠢ ᠬᠦᠷᠬᠦ ᠦᠭᠡᠢ ᠪᠤᠯᠬᠤᠷ ᠲᠠᠪᠰᠢᠯᠳᠦ 140 ᠦᠭᠡᠷ ᠠᠴᠠ ᠪᠠᠨ 80 ᠶᠢ ᠬᠤᠳᠠᠯᠳᠤᠬᠤ ᠪᠠᠷ ᠲᠦᠯᠤᠪᠯᠡᠵᠤ᠂ ᠪᠢᠳᠡᠨ ᠢ ᠬᠦᠷᠬᠦ ᠳᠤ 22 ᠲᠤᠭᠤᠯ ᠢᠶᠠᠨ ᠲᠡᠭᠰᠢᠳᠭᠡᠭᠡᠳ 5000 ᠲᠦᠭᠦᠷᠢᠭ ᠢᠶᠠᠷ ᠬᠤᠳᠠᠯᠳᠤᠭᠠᠳ ᠪᠠᠶᠢᠪᠠ᠃ ᠤᠷᠤᠯᠭ᠎ᠠ ᠵᠠᠷᠤᠯᠭ᠎ᠠ ᠶᠢᠨ ᠬᠢᠨᠢ ᠪᠠᠶᠢᠳᠠᠯ ᠢ ᠤᠢᠢᠯᠠᠭᠠᠪᠠᠯ᠂ ᠤᠤᠯ ᠳᠠᠭᠠᠨ ᠬᠤᠨᠢ ᠦᠭᠡᠷ ᠵᠡᠷᠭᠡᠪᠡᠷ ᠮᠠᠯᠵᠢᠭᠠᠳ ᠤᠷᠤᠯᠭ᠎ᠠ ᠨᠢ 20 ᠲᠦᠮᠡᠨ ᠲᠦᠭᠦᠷᠢᠭ ᠲᠤ ᠭᠦᠷᠳᠡᠭ ᠪᠠᠶᠢᠭᠰᠠᠨ ᠪᠤᠯ ᠨᠢᠳᠦᠨᠦᠨ ᠦᠭᠡᠷ ᠬᠤᠳᠠᠯᠳᠤᠭᠰᠠᠨ ᠤᠷᠤᠯᠭ᠎ᠠ ᠨᠢ 30 ᠲᠦᠮᠡᠨ ᠲᠦᠭᠦᠷᠢᠭ ᠢ ᠳᠠᠪᠠᠵᠦ᠂ ᠡᠨᠡᠭᠦ ᠤᠷᠤᠯᠭ᠎ᠠ ᠠᠴᠠ ᠪᠠᠨ ᠡᠪᠤᠯᠵᠢᠭᠦᠯᠦᠭᠰᠠᠨ ᠨᠠᠶᠠᠭᠠᠳ ᠦᠭᠡᠷ ᠲᠡᠭᠡᠨ 8 ᠲᠦᠮᠡᠨ ᠲᠦᠭᠦᠷᠢᠭ ᠤᠨ ᠡᠪᠡᠰᠦ᠂ 6 ᠲᠦᠮᠡᠨ ᠲᠦᠭᠦᠷᠢᠭ ᠤᠨ ᠪᠤᠷᠳᠤᠭ᠎ᠠ᠂ ᠨᠤᠳᠤᠭ ᠲᠦᠷᠢᠶᠠᠰᠦᠯᠡᠭᠰᠡᠨ ᠲᠦᠮᠡ ᠰᠢᠬᠠᠮ ᠲᠦᠭᠦᠷᠢᠭ ᠢᠶᠠᠨ ᠭᠠᠷᠭᠠᠪᠠᠯ 15 ᠲᠦᠮᠡᠨ ᠲᠦᠭᠦᠷᠢᠭ ᠤᠨ ᠴᠡᠪᠡᠷ ᠤᠷᠤᠯᠭ᠎ᠠ ᠲᠠᠢ᠃     ︽ᠮᠠᠨᠠᠶᠢᠭᠢ ᠰᠢᠭ᠋ ᠨᠤᠳᠤᠭ ᠪᠡᠯᠴᠢᠭᠡᠷ ᠲᠠᠢ ᠠᠶᠢᠯ ᠦᠭᠡᠷ ᠮᠠᠯᠵᠢᠬᠤ ᠨᠢ ᠲᠤᠬᠢᠷᠠᠮᠠᠷ ᠰᠠᠨᠠᠭᠳᠠᠬᠤ ᠶᠤᠮ᠃ ᠤᠤᠯ ᠳᠠᠭᠠᠨ ᠬᠤᠨᠢᠨ ᠤ ᠦᠨ᠎ᠠ ᠰᠠᠶᠢᠨ ᠪᠠᠶᠢᠬᠤ ᠳᠤ 5 ᠬᠤᠨᠢ ᠨᠢᠭᠡ ᠲᠤᠭᠤᠯ ᠤᠨ ᠦᠨ᠎ᠠ ᠲᠠᠢ ᠲᠡᠩᠴᠡᠳᠡᠭ ᠪᠠᠶᠢᠭᠰᠨᠨ᠂ ᠤᠳᠤ ᠬᠤᠨᠢᠨ ᠤ ᠦᠨ᠎ᠠ ᠬᠢᠮᠳᠠᠷᠠᠭᠰᠠᠨ ᠠᠴᠠ ᠬᠠᠮᠤᠭ ᠦᠨᠳᠦᠷ ᠦᠨ᠎ᠠ ᠪᠠᠷ ᠵᠢᠱᠢᠶᠡᠯᠡᠭᠦ ᠳᠤ 20 ᠬᠤᠨᠢ ᠨᠢᠭᠡ ᠲᠤᠭᠤᠯ ᠲᠠᠢ ᠲᠡᠩᠴᠡᠭᠦ ᠪᠤᠯᠪᠠ︔ ᠬᠤᠨᠢ ᠮᠠᠯᠵᠢᠵᠦ ᠪᠠᠶᠢᠬᠤ ᠳᠤ ᠪᠡᠯᠴᠢᠭᠡᠷ ᠲᠤ ᠭᠠᠷᠭᠠᠬᠤ ᠨᠢ ᠤᠯᠠᠨ ᠂ ᠦᠭᠡᠷ ᠮᠠᠯᠵᠢᠪᠠᠯ 11 ᠳ᠋ᠤᠭᠡᠷ ᠰᠠᠷ᠎ᠠ ᠶᠢᠨ ᠡᠬᠢᠨ ᠠᠴᠠ 6 ᠳ᠋ᠤᠭᠠᠷ ᠰᠠᠷ᠎ᠠ ᠶᠢᠨ ᠰᠡᠭᠦᠯᠴᠢ ᠪᠤᠯᠳᠠᠯ᠎ᠠ ᠪᠤᠷᠳᠤᠳᠠᠭ ᠠᠴᠠ ᠪᠡᠯᠴᠢᠭᠡᠷ ᠲᠤ ᠭᠠᠮᠳᠠᠢ︔ ᠨᠢᠳᠦᠨᠦᠨ 86 ᠦᠭᠡᠷ ᠡᠪᠤᠯᠵᠢᠬᠦᠯᠵᠤ᠂ ᠨᠤᠳᠤᠭ ᠲᠦᠷᠢᠶᠡᠰᠦᠯᠡᠭᠰᠡᠨ᠂ ᠡᠪᠡᠰᠦ ᠪᠤᠷᠳᠤᠭ᠎ᠠ ᠵᠠᠷᠤᠴᠠᠭᠤᠯᠤᠭᠰᠠᠨ᠂ ᠲᠤᠤᠷ ᠭᠦᠷᠢᠶ᠎ᠠ ᠲᠦᠷᠢᠶᠡᠰᠦᠯᠡᠭᠰᠡᠨ᠂ ᠬᠢᠵᠢᠭ ᠰᠡᠷᠬᠡᠶᠢᠯᠡᠯᠳᠡ ᠶᠢᠨ ᠲᠠᠷᠢᠯᠭ᠎ᠠ ᠵᠡᠷᠬᠡ ᠪᠦᠭᠦ ᠵᠢᠯ ᠤᠨ ᠵᠠᠷᠤᠯᠭ᠎ᠠ ᠦᠭᠡᠷ ᠪᠦᠷᠢ ᠳᠤ ᠲᠡᠭᠰᠢᠳᠭᠡᠭᠡᠳ 1600 ᠲᠦᠭᠦᠷᠢᠭ ᠨᠤᠭᠳᠠᠪᠠ︾ ᠭᠡᠵᠤ ᠳᠡᠪᠰᠢᠯᠳᠦ ᠪᠢᠳᠡᠨ ᠳᠤ ᠨᠠᠷᠢᠨ ᠲᠠᠩᠰᠠ ᠪᠤᠳᠤᠵᠦ ᠭᠠᠷᠤᠯ᠎ᠠ᠃     ᠮᠠᠯᠴᠢᠨ ᠬᠦᠮᠦᠨ ᠳᠠᠩᠰᠠ ᠪᠤᠳᠤᠵᠤ ᠮᠠᠯ ᠮᠠᠯᠵᠢᠬᠤ ᠨᠢ ᠴᠢᠬᠤᠯᠠ᠃ ᠲᠠᠪᠰᠢᠯᠳᠦ ᠶᠠᠭ ᠢᠡᠭᠬᠢᠵᠦ ᠨᠠᠷᠢᠨ ᠲᠠᠩᠰᠠ ᠪᠤᠳᠤᠭᠰᠠᠨ ᠢᠶᠠᠷ ᠮᠠᠯ ᠨᠢ ᠴᠦᠭᠡᠷᠡᠭᠰᠡᠨ ᠴᠤ ᠤᠷᠤᠯᠭ᠎ᠠ ᠨᠢ ᠨᠡᠮᠡᠭᠳᠡᠵᠤ᠂ ᠠᠵᠤ ᠠᠬᠤᠢ ᠪᠡ ᠠᠮᠢ ᠠᠬᠤᠢ ᠶᠢᠨ ᠬᠤᠤᠰ ᠠᠰᠢᠭ ᠢ ᠬᠦᠷᠳᠡᠵᠤ ᠴᠢᠳᠠᠵᠠᠢ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号