ᠰᠢᠯᠤᠭᠤᠨ ᠭᠦᠪᠡᠭᠡᠳᠦ ᠴᠠᠭᠠᠨ ᠬᠤᠰᠢᠭᠤᠨ ᠤ ᠤᠯᠠᠭᠠᠨᠴᠠᠪ ᠰᠤᠮᠤᠨ ᠤ ᠬᠤᠶᠠᠷᠬᠤᠳᠳᠤᠭ ᠭᠠᠴᠠᠭᠠᠨ ᠤ | ᠮᠠᠯᠴᠢᠨ ᠰᠠᠶᠢᠨ᠎ᠠ ᠨᠤᠳᠤᠬ ᠪᠡᠯᠴᠢᠭᠡᠷ ᠤᠨ ᠪᠠᠶᠢᠳᠠᠯ ᠳᠠᠭᠠᠨ ᠳᠤᠬᠢᠷᠠᠭᠤᠯᠤᠨ᠂ ᠰᠢᠨᠵᠢᠯᠡᠬᠦ ᠤᠬᠠᠭᠠᠨᠴᠢ ᠮᠠᠯᠵᠢᠯ ᠤᠨ | ᠠᠷᠭ᠎ᠠ ᠶᠢ ᠡᠷᠬᠢᠮᠯᠡᠨ ᠦᠭᠡᠷ ᠮᠠᠯᠵᠢᠵᠦ᠂ ᠠᠵᠦ ᠠᠮᠢᠳᠤᠷᠠᠯ ᠢᠶᠠᠨ ᠦᠭᠡᠳᠡᠯᠡᠭᠦᠯᠵᠦ ᠶᠠᠪᠤᠨ᠎ᠠ᠃ | ᠰᠠᠶᠢᠨ᠎ᠠ ᠶᠢᠨ ᠬᠢ 4000 ᠮᠦ ᠨᠤᠳᠤᠭ ᠲᠡᠭᠡᠷ᠎ᠠ ᠪᠠᠨ ᠤᠳᠤ ᠲᠠᠯᠠᠭᠠᠳ ᠰᠢᠮᠧᠨ᠋ᠲ᠋ᠠᠷ ᠦᠭᠡᠷ ᠭᠤᠤᠯᠳᠠᠢ | ᠮᠠᠯᠵᠢᠳᠠᠭ᠃ ᠤᠤᠯ ᠳᠠᠭᠠᠨ ᠬᠤᠨᠢ ᠦᠭᠡᠷ ᠢ ᠵᠡᠷᠭᠡᠪᠡᠷ ᠮᠠᠯᠵᠢᠵᠤ ᠪᠠᠶᠢᠭᠰᠠᠨ ᠪᠤᠯᠪᠠᠴᠦ ᠤᠢᠢᠷ᠎ᠠ ᠶᠢᠨ ᠵᠢᠯ ᠠᠮᠢ | ᠠᠬᠤᠢ ᠮᠠᠭᠤᠳᠠᠭᠰᠠᠨ᠂ ᠬᠤᠨᠢᠨ ᠤ ᠦᠨ᠎ᠠ ᠬᠠᠨᠭ᠍ᠰᠢ ᠪᠠᠭᠤᠷᠠᠭᠰᠠᠨ ᠵᠡᠷᠭᠡ ᠰᠢᠯᠳᠠᠭᠠᠨ ᠠᠴᠠ ᠨᠢᠭᠡ ᠲᠠᠯ᠎ᠠ ᠪᠠᠷ | ᠨᠤᠳᠤᠭ ᠪᠡᠯᠴᠢᠭᠡᠷ ᠢᠶᠠᠨ ᠬᠠᠮᠠᠭᠠᠯᠠᠵᠦ᠂ ᠨᠦᠭᠦᠭᠡ ᠲᠠᠯ᠎ᠠ ᠪᠠᠷ ᠴᠦᠭᠡᠨ ᠮᠠᠯ ᠠᠴᠠ ᠦᠨᠳᠦᠷ ᠠᠰᠢᠭ ᠤᠯᠬᠤ | ᠡᠭᠦᠳᠡᠨ ᠠᠴᠠ ᠠᠷᠭ᠎ᠠ ᠤᠬᠠᠭᠠᠨ ᠰᠦᠪᠡᠭᠴᠢᠯᠡᠵᠦ᠂ ᠨᠤᠳᠤᠭ ᠪᠡᠯᠴᠢᠭᠡᠷ ᠤᠨ ᠢᠶᠠᠨ ᠭᠡᠮᠵᠢᠶ᠎ᠠ᠂ ᠬᠠᠳᠤᠯᠠᠩ | ᠤᠷᠭᠤᠯᠳᠠ ᠶᠢᠨ ᠢᠶᠠᠨ ᠪᠠᠶᠢᠳᠠᠯ ᠢ ᠦᠨᠳᠦᠰᠦᠯᠡᠨ ᠮᠠᠯ ᠰᠦ᠋ᠷᠦᠭ ᠤᠨ ᠪᠦᠳᠦᠴᠡ ᠳᠡᠭᠡᠨ ᠵᠤᠷᠢᠬᠳᠠᠢ ᠲᠤᠬᠢᠷᠠᠭᠤᠯᠤᠯᠳᠠ | ᠬᠢᠵᠦ᠂ 2009 ᠤᠨ ᠳᠤ ᠪᠤᠭ ᠮᠠᠯ ᠢᠶᠠᠨ ᠪᠦᠭᠦᠨ ᠢ ᠰᠢᠢᠳᠪᠦᠷᠢᠯᠡᠭᠡᠳ ᠦᠭᠡᠷ ᠢᠶᠠᠷ ᠲᠤᠰᠬᠠᠢᠢᠵᠢᠵᠦ ᠡᠬᠢᠯᠡᠭᠰᠡᠨ | ᠠᠵᠢ᠃ ᠡᠨᠡ ᠲᠤᠬᠠᠢ ᠪᠠᠨ ᠰᠠᠶᠢᠨ᠎ᠠ᠄ ︽ᠮᠠᠨᠠᠶᠢᠬᠢᠨ ᠨᠤᠳᠤᠭ ᠪᠡᠯᠴᠢᠭᠡᠷ ᠢᠪᠴᠤᠤ ᠤᠴᠢᠷ ᠠᠴᠠ ᠴᠦᠭᠡᠪᠦᠷᠢ | ᠦᠭᠡᠷ ᠮᠠᠯᠵᠢᠬᠤ ᠳᠤ ᠭᠦᠷᠪᠡᠯ ᠨᠤᠳᠤᠭ ᠪᠡᠯᠴᠢᠭᠡᠷ ᠡᠪᠡᠰᠦ ᠪᠤᠷᠳᠤᠭ᠎ᠠ ᠳᠤ ᠭᠠᠮᠳᠠᠢ᠃ ᠤᠴᠢᠷ ᠨᠢ ᠦᠭᠡᠷ | ᠮᠠᠯᠵᠢᠬᠤ ᠳᠤ ᠪᠡᠯᠴᠢᠭᠡᠷᠯᠡᠭᠦᠯᠬᠦ ᠬᠤᠭᠤᠴᠠᠭ᠎ᠠ ᠤᠬᠤᠷ᠂ ᠪᠡᠯᠴᠢᠭᠡᠷ ᠰᠠᠶᠢᠨ ᠪᠤᠯ ᠳᠠᠮᠠᠢ ᠪᠤᠷᠳᠤᠬᠤ ᠴᠢᠬᠤᠯᠠ ᠦᠭᠡᠢ | ᠪᠠᠶᠢᠳᠠᠭ᠃ ᠤᠰᠤᠨ ᠤ ᠠᠰᠠᠭᠤᠳᠠᠯ ᠢ ᠨᠢ ᠰᠠᠶᠢᠳᠤᠷ ᠰᠢᠢᠳᠪᠤᠷᠢᠯᠡᠭᠡᠳ ᠲᠤᠯᠠᠭᠠᠨ ᠬᠡᠪᠳᠡᠷᠢ ᠲᠠᠢ ᠪᠤᠯ ᠪᠤᠯᠴᠢᠬᠠᠨ᠎ᠠ᠂ | ᠪᠠᠰᠠ ᠭᠦᠳᠡᠯᠮᠦᠷᠢ ᠭᠦᠴᠦᠨ ᠳᠤ ᠠᠷᠪᠢᠳᠠᠢ︾ ᠭᠡᠨ᠎ᠠ᠃ | ᠰᠠᠶᠢᠨ᠎ᠠ ᠶᠢᠨ ᠬᠢ ᠨᠤᠳᠤᠭ ᠪᠡᠯᠴᠢᠭᠡᠷ ᠤᠨ ᠢᠶᠠᠨ ᠭᠡᠮᠵᠢᠶ᠎ᠠ ᠶᠢ ᠦᠨᠳᠦᠰᠦᠯᠡᠨ ᠡᠪᠦᠯᠵᠢᠭᠦᠯᠭᠦ ᠦᠭᠡᠷ ᠢᠶᠠᠨ | ᠲᠦᠴᠢᠭᠡᠳ ᠢᠶᠠᠷ ᠯᠠ ᠲᠤᠭᠳᠠᠪᠤᠷᠢᠵᠢᠭᠤᠯᠳᠠᠭ᠃ ᠤᠷᠤᠯᠭ᠎ᠠ ᠵᠠᠷᠤᠯᠭ᠎ᠠ ᠶᠢᠨ ᠬᠢᠨᠢ ᠪᠠᠶᠢᠳᠠᠯ ᠢ ᠯᠠᠪᠯᠠᠪᠠᠯ ᠨᠢᠳᠦᠨᠦᠨ | ᠵᠢᠯ ᠭᠤᠴᠢᠭᠠᠳ ᠲᠤᠭᠤᠯ ᠬᠤᠳᠠᠯᠳᠤᠭᠠᠳ 15 ᠲᠦᠮᠡᠨ ᠲᠦᠭᠦᠷᠢᠭ ᠤᠨ ᠤᠷᠤᠯᠭ᠎ᠠ ᠲᠠᠢ᠂ ᠭᠡᠭᠦ ᠳᠡᠭᠡᠨ ᠨᠢᠳᠦᠨᠦᠨ | ᠴᠠᠰᠦ ᠵᠤᠳ ᠭᠠᠨᠭ᠌ ᠬᠠᠭᠰᠠᠷᠠᠭᠠᠨ ᠶᠡᠭᠡ ᠪᠠᠶᠢᠬᠰᠠᠨ ᠴᠦ 4 ᠲᠦᠮᠡᠨ ᠲᠦᠭᠦᠷᠢᠭ ᠤᠨ ᠯᠠ ᠡᠪᠡᠰᠦ ᠪᠤᠷᠳᠤᠭ᠎ᠠ | ᠵᠠᠷᠤᠭᠰᠠᠨ ᠪᠠᠶᠢᠵᠠᠢ᠃ ᠢᠡᠭᠬᠢᠵᠦ ᠲᠡᠵᠢᠭᠡᠯ ᠪᠤᠷᠳᠤᠭᠠᠨ ᠳᠤ ᠭᠠᠮᠳᠠᠢ ᠪᠠᠶᠢᠭ᠎ᠠ ᠶᠢᠨ ᠪᠠᠰᠠ ᠨᠢᠭᠡᠨ ᠴᠢᠬᠤᠯᠠ | ᠰᠢᠯᠳᠠᠭᠠᠨ ᠨᠢ ᠡᠳᠡᠨᠡᠶᠢᠬᠢ ᠨᠤᠳᠤᠭ ᠪᠡᠯᠴᠢᠭᠡᠷ ᠢᠶᠠᠨ ᠰᠢᠨᠵᠢᠯᠡᠭᠦ ᠤᠬᠠᠭᠠᠨᠴᠢ ᠪᠠᠷ ᠠᠰᠢᠬᠯᠠᠵᠦ᠂ ᠭᠡᠮᠵᠢᠶ᠎ᠠ ᠲᠠᠢ | ᠨᠤᠳᠤᠭ ᠢᠶᠠᠨ ᠲᠤᠭᠤᠷᠢᠭ ᠬᠤᠪᠢᠶᠠᠨ ᠰᠡᠯᠭᠦᠨ ᠮᠠᠯᠵᠢᠬᠰᠠᠨ ᠳᠤ ᠪᠠᠶᠢᠨ᠎ᠠ᠃ 4000 ᠮᠦ ᠨᠤᠳᠤᠭ ᠢᠶᠠᠨ 5 ᠭᠡᠰᠡᠭ | ᠬᠤᠪᠢᠶᠠᠨ ᠭᠦᠷᠢᠶᠠᠯᠠᠭᠡᠳ 2 ᠲᠤᠭᠤᠷᠢᠭ ᠢ ᠨᠢ ᠮᠠᠯ ᠤᠷᠤᠭᠤᠯᠬᠤ ᠦᠭᠡᠢ ᠪᠠᠷ ᠬᠠᠮᠠᠭᠠᠯᠠᠵᠦ ᠪᠡᠯᠴᠢᠭᠡᠷ ᠢᠶᠠᠨ | ᠰᠡᠷᠭᠦᠭᠡᠳᠡᠭ ᠪᠤᠯ᠂ ᠨᠦᠭᠦᠭᠡ ᠲᠤᠭᠤᠷᠢᠭ ᠢ ᠨᠢ ᠬᠠᠳᠤᠯᠠᠩ ᠤᠨ ᠪᠡᠯᠴᠢᠭᠡᠷ ᠪᠤᠯᠭᠠᠨ᠂ ᠪᠤᠰᠤᠳ | ᠲᠤᠭᠤᠷᠢᠭ ᠤᠳ ᠲᠠᠭᠠᠨ ᠵᠤᠨ ᠨᠠᠮᠤᠷ ᠤᠨ ᠤᠯᠠᠷᠢᠯ ᠳᠤ ᠡᠭᠡᠯᠵᠢᠯᠡᠨ ᠮᠠᠯᠵᠢᠳᠠᠭ ᠠᠴᠠ ᠪᠡᠯᠴᠢᠭᠡᠷ ᠤᠨ ᠬᠢᠨᠢ | ᠰᠡᠷᠭᠦᠯᠳᠡ ᠳᠤ ᠲᠤᠩ ᠠᠰᠢᠬᠳᠠᠢ ᠪᠠᠶᠢᠪᠠ᠃ ︽ᠪᠡᠯᠴᠢᠭᠡᠷ ᠲᠡᠭᠡᠨ ᠲᠠᠩᠴᠠᠬᠦᠯᠵᠤ ᠮᠠᠯ ᠮᠠᠯᠵᠢᠪᠠᠯ ᠡᠪᠡᠰᠤ | ᠪᠤᠷᠳᠤᠭᠠᠨ ᠳᠤ ᠠᠷᠪᠢᠳᠠᠢ᠃ ᠮᠠᠯ ᠤᠨ ᠲᠤᠭ᠎ᠠ ᠨᠤᠳᠤᠭ ᠪᠡᠯᠴᠢᠭᠡᠷ ᠤᠨ ᠳᠠᠭᠠᠭᠠᠴᠠ ᠠᠴᠠ ᠬᠡᠳᠦᠷᠡᠪᠠᠯ ᠡᠪᠡᠰᠤ | ᠪᠤᠷᠳᠤᠭᠠᠨ ᠤ ᠵᠠᠷᠤᠳᠠᠯ ᠢᠶᠠᠨ ᠬᠦᠭᠡᠭᠡᠭᠡᠳ ᠬᠦᠢᠴᠡᠬᠦ ᠦᠭᠡᠢ᠃ ᠭᠤᠤᠯ ᠨᠢ ᠨᠤᠳᠤᠭ ᠢᠶᠠᠨ ᠭᠠᠮᠨᠠᠭᠠᠳ᠂ | ᠪᠡᠯᠴᠢᠭᠡᠷ ᠢᠶᠠᠨ ᠬᠠᠳᠠᠭᠠᠯᠠᠵᠤ᠂ ᠭᠠᠮᠰᠢᠭ ᠵᠤᠳ ᠦᠭᠡᠢ ᠴᠠᠭ ᠲᠤ ᠪᠤᠯ ᠬᠠᠳᠤᠯᠠᠩ ᠠᠴᠠ ᠪᠠᠨ ᠬᠠᠳᠤᠴᠢᠬᠠᠨᠠ᠃ | ᠪᠡᠯᠴᠢᠭᠡᠷ ᠢᠶᠠᠨ ᠭᠠᠮᠨᠠᠪᠠᠯ ᠡᠪᠡᠰᠤ ᠪᠤᠷᠳᠤᠭ᠎ᠠ ᠴᠤ ᠠᠷᠪᠢᠯᠠᠭᠳᠠᠨᠠ︾ ᠭᠡᠵᠦ ᠰᠠᠶᠢᠨ᠎ᠠ ᠤᠴᠢᠷᠯᠠᠨ᠎ᠠ᠃ ᠡᠨᠡ ᠵᠢᠯ | ᠭᠤᠴᠢᠭᠠᠳ ᠦᠭᠡᠷ ᠢᠶᠠᠨ ᠬᠤᠳᠠᠯᠳᠤᠬᠤ ᠪᠠᠷ ᠲᠦᠯᠦᠪᠯᠡᠵᠦ᠂ ᠪᠢᠳᠡᠨ ᠢ ᠭᠦᠷᠭᠦ ᠳᠤ 8 ᠦᠭᠡᠷ ᠢᠶᠠᠨ ᠪᠦᠳᠦᠭᠦᠨ | ᠪᠠᠭ᠎ᠠ᠂ ᠭᠦᠭᠰᠢᠨ ᠵᠠᠯᠠᠭᠤ ᠲᠡᠭᠰᠢᠳᠭᠡᠭᠡᠳ 7000 ᠲᠦᠭᠦᠷᠢᠭ ᠢᠶᠠᠷ ᠬᠤᠳᠠᠯᠳᠤᠭᠠᠳ ᠪᠠᠶᠢᠪᠠ᠃ ᠰᠠᠶᠢᠨ᠎ᠠ ᠶᠢᠨ | ᠲᠠᠨᠢᠯᠴᠠᠭᠤᠯᠬᠤ ᠪᠠᠷ᠂ ᠡᠨᠡ ᠨᠢ ᠬᠤᠨᠢ ᠮᠠᠯᠵᠢᠭᠰᠠᠨ ᠠᠴᠠ ᠬᠤᠯᠠ ᠶᠡᠭᠡ ᠤᠷᠤᠯᠭ᠎ᠠ ᠲᠠᠢ ᠶᠤᠮ ᠭᠡᠨ᠎ᠠ᠃ ᠤᠴᠢᠷ ᠨᠢ | ᠡᠳᠡᠨᠠᠶᠢᠬᠢ ᠤᠤᠯ ᠳᠠᠭᠠᠨ ᠬᠤᠨᠢ ᠪᠠᠨ ᠶᠡᠭᠡ ᠪᠠᠷ ᠦᠰᠭᠡᠭᠡᠳ ᠵᠢᠯ ᠤᠨ ᠤᠷᠤᠯᠭ᠎ᠠ ᠨᠢ 20 ᠰᠢᠬᠠᠮ ᠲᠦᠮᠡᠨ | ᠲᠦᠭᠦᠷᠢᠭ ᠲᠤ ᠭᠦᠷᠳᠡᠭ ᠴᠦ ᠵᠠᠷᠤᠳᠠᠯ ᠨᠢ ᠠᠷᠪᠠᠭᠠᠳ ᠲᠦᠮᠡᠨ ᠲᠦᠭᠦᠷᠢᠭ ᠤᠷᠤᠴᠢᠬᠠᠳᠠᠭ᠂ ᠤᠳᠤᠬᠢ ᠵᠠᠬ᠎ᠠ | ᠲᠡᠯᠭᠡᠭᠦᠷ ᠤᠨ ᠦᠨ᠎ᠠ ᠪᠠᠷ ᠨᠢᠭᠡ ᠬᠤᠷᠠᠭ᠎ᠠ 400 ᠰᠢᠬᠠᠮ ᠲᠦᠭᠦᠷᠢᠭ ᠲᠤ ᠭᠦᠷᠭᠦ ᠪᠠᠷ ᠪᠤᠳᠤᠬᠤ ᠳᠤ ᠡᠨᠡ ᠲᠡᠷᠡ | ᠵᠠᠷᠤᠳᠠᠯ ᠢᠶᠠᠨ ᠬᠠᠰᠤᠪᠠᠯ ᠪᠡᠶ᠎ᠠ ᠨᠢ ᠪᠡᠶ᠎ᠠ ᠪᠠᠨ ᠲᠡᠵᠢᠭᠡᠭᠡᠳ ᠤᠯᠬᠤ ᠤᠷᠤᠯᠭ᠎ᠠ ᠭᠡᠵᠦ ᠪᠠᠷᠤᠭ ᠪᠠᠶᠢᠬᠤ ᠦᠭᠡᠢ᠂ | ᠡᠭᠦᠨ ᠤ ᠲᠡᠭᠡᠷ᠎ᠠ ᠭᠦᠳᠡᠯᠮᠦᠷᠢ ᠭᠦᠴᠦ ᠴᠦ ᠶᠡᠭᠡ ᠵᠠᠷᠤᠴᠠᠭᠤᠯᠳᠠᠭ ᠶᠤᠮ ᠪᠠᠶᠢᠨ᠎ᠠ᠃ ︽ᠦᠭᠡᠷ ᠮᠠᠯᠵᠢᠬᠤ ᠨᠢ | ᠢᠯᠡᠭᠦᠦ ᠠᠰᠢᠭ ᠲᠠᠢ ᠰᠠᠨᠠᠬᠳᠠᠬᠤ ᠶᠤᠮ᠂ ᠨᠤᠳᠤᠭ ᠪᠡᠯᠴᠢᠭᠡᠷ ᠤᠨ ᠱᠠᠭᠠᠷᠳᠠᠯᠭ᠎ᠠ ᠪᠠᠭ᠎ᠠ᠂ ᠮᠠᠩᠬᠠᠨ ᠨᠤᠳᠤᠭ ᠲᠠᠢ | ᠠᠶᠢᠯ ᠪᠤᠯ ᠵᠢᠭᠠᠬᠠᠨ ᠨᠦᠮᠦᠷᠢ ᠭᠠᠷᠭᠠᠪᠠᠯ ᠪᠤᠯᠴᠢᠬᠠᠨ᠎ᠠ᠂ ᠭᠡᠭᠦ ᠳᠡᠭᠡᠨ ᠪᠦᠳᠦᠭᠡᠨ ᠪᠠᠶᠢᠭᠤᠯᠤᠯᠳᠠ ᠴᠦ ᠶᠠᠷᠢᠶᠠᠨ | ᠦᠭᠡᠢ ᠴᠢᠬᠤᠯᠠ᠃ ᠲᠠᠬᠢᠪᠠᠯ ᠦᠭᠡᠷ ᠮᠠᠯᠵᠢᠬᠤ ᠨᠢ ᠭᠦᠳᠡᠯᠮᠦᠷᠢ ᠭᠦᠴᠦᠨ ᠳᠤ ᠠᠷᠪᠢᠳᠠᠢ᠂ ᠲᠡᠵᠢᠭᠡᠯ ᠡᠪᠡᠰᠦᠨ ᠳᠤ | ᠭᠠᠮᠳᠠᠢ᠂ ᠨᠢᠭᠡ ᠡᠷᠡᠨ ᠤ ᠡᠪᠡᠰᠦ ᠪᠤᠷᠳᠤᠭ᠎ᠠ ᠶᠢ ᠨᠢ ᠰᠠᠶᠢᠨ ᠢᠳᠡᠭᠦᠯᠴᠢᠭᠡᠪᠡᠯ ᠬᠤᠶᠠᠷ ᠭᠤᠷᠪᠠᠨ ᠴᠠᠭ ᠠᠵᠢᠭ | ᠦᠭᠡᠢ ᠭᠡᠪᠳᠡᠴᠢᠭᠡᠨᠠ︾ ᠭᠡᠵᠦ ᠰᠠᠶᠢᠨ᠎ᠠ ᠶᠠᠷᠢᠨ᠎ᠠ᠃ |