ᠵᠠᠯᠠᠭᠤ ᠵᠢᠷᠤᠭᠠᠴᠢ ᠢᠷᠮᠡᠬᠦᠨ ᠤ ᠠᠩᠬᠠᠳᠠᠬᠴᠢ ᠪᠡᠶ᠎ᠠ ᠪᠠᠨ ᠳᠠᠭᠠᠭᠠᠬᠰᠠᠨ ᠤᠷᠠᠨ ᠵᠢᠷᠤᠭ ᠤᠨ ᠦᠵᠠᠰᠬᠦᠯᠠᠩ ᠤᠯᠠᠭᠠᠨᠪᠠᠭᠠᠳᠤᠷ ᠬᠤᠲᠠ ᠳᠤ ᠶᠠᠪᠤᠬᠳᠠᠯ᠎ᠠ
ᠨᠡᠶᠢᠲᠡᠯᠡᠭᠰᠡᠨ ᠴᠠᠭ᠄
2016/10/13
ᠢᠷᠮᠡᠭᠦᠨ ᠰᠤᠷᠪᠤᠯᠵᠢᠯᠠᠭ᠎ᠠ ᠬᠦᠯᠢᠶᠡᠵᠦ ᠪᠠᠶᠢᠭ᠎ᠠ ᠨᠢ᠃     10 ᠳ᠋ᠤᠭᠠᠷ ᠰᠠᠷ᠎ᠠ ᠶᠢᠨ 1᠎ ᠤ ᠡᠳᠤᠷ᠂ ᠰᠢᠯᠢ ᠶᠢᠨ ᠬᠤᠳᠠ ᠳᠤ ᠨᠤᠳᠤᠬ ᠲᠠᠢ ᠵᠠᠯᠠᠭᠤ ᠵᠢᠷᠤᠭᠠᠴᠢ ᠢᠷᠮᠡᠬᠦᠨ ᠮᠤᠩᠭᠤᠯ ᠤᠯᠤᠰ ᠤᠨ ᠤᠯᠠᠭᠠᠨᠪᠠᠭᠠᠳᠤᠷ ᠬᠤᠳᠠ ᠳᠤ ᠠᠩᠬᠠᠳᠠᠬᠴᠢ ᠪᠡᠶ᠎ᠠ ᠪᠠᠨ ᠳᠠᠭᠠᠭᠠᠬᠰᠠᠨ ᠦᠵᠠᠰᠬᠦᠯᠠᠩ ᠡᠷᠬᠢᠯᠡᠪᠠ᠃       ᠵᠠᠯᠠᠭᠤ ᠵᠢᠷᠤᠭᠠᠴᠢ ᠢᠷᠮᠡᠬᠦᠨ ᠮᠤᠩᠭᠤᠯ ᠤᠯᠤᠰ ᠤᠨ ᠤᠷᠠᠨ ᠵᠢᠷᠤᠭ ᠤᠨ ᠳᠦᠪ ᠤᠷᠳᠤᠨ ᠳᠤ ᠪᠤᠯᠤᠬᠰᠠᠨ ᠤᠷᠴᠢᠨ ᠦᠶ᠎ᠠ ᠶᠢᠨ ᠤᠷᠠᠨ ᠵᠢᠷᠤᠭ ᠤᠨ ᠦᠵᠠᠰᠬᠦᠯᠠᠩ ᠢᠶᠠᠨ ᠤᠯᠤᠰ ᠤᠨ ᠪᠠᠶᠠᠷ ᠤᠨ ᠡᠳᠤᠷ ᠢ ᠳᠤᠬᠢᠶᠠᠯᠳᠤᠭᠤᠯᠤᠨ ᠭᠠᠷᠭᠠᠵᠤ᠂ ᠦᠪᠡᠷ ᠤᠨ ᠤᠷᠠᠨ ᠵᠢᠷᠤᠭ ᠤᠨ ᠦᠢᠯᠠᠰ ᠤᠨ ᠳᠤᠮᠤᠬᠠᠨ ᠠᠯᠬᠤᠮ ᠤᠨ ᠨᠢᠬᠡ ᠶᠢ ᠠᠯᠬᠤᠬᠰᠠᠨ ᠮᠦᠷᠳᠡᠬᠡᠨ ᠳᠡᠬᠦᠨ ᠤ ᠠᠪᠤ ᠡᠵᠢ ᠳᠡᠭᠡᠨ᠂ ᠳᠡᠷᠡᠴᠢᠯᠠᠨ ᠡᠬᠡ ᠨᠤᠳᠤᠭ ᠲᠠᠭᠠᠨ ᠡᠷᠬᠦᠭᠰᠡᠨ ᠳᠤᠮᠤ ᠪᠠᠯᠡᠭ ᠨᠢ ᠪᠠᠶᠢᠯ᠎ᠠ᠃ ᠳᠡᠷᠡ ᠳᠤᠰᠤᠨ ᠪᠤᠳᠤᠭ ᠤᠨ ᠤᠷᠴᠢᠨ ᠦᠶ᠎ᠠ ᠶᠢᠨ ᠵᠢᠷᠤᠭ ᠤᠨ ᠦᠵᠡᠰᠬᠦᠯᠠᠩ ᠳᠠᠬᠢ 100 ᠭᠠᠷᠤᠢ ᠪᠦᠳᠦᠬᠡᠯ ᠳᠡᠭᠡᠨ ᠦᠡᠭᠬᠡ ᠪᠤᠳᠤᠭ ᠤᠨ ᠰᠤᠨᠢᠷᠬᠠᠮᠵᠢ ᠲᠠᠢ ᠵᠤᠬᠢᠴᠠᠯ ᠢᠶᠠᠷ ᠤᠶᠤᠨ ᠮᠡᠳᠡᠷᠡᠮᠵᠢ ᠪᠡ ᠪᠠᠶᠢᠭᠠᠯᠢ ᠶᠢᠨ ᠤᠬᠠᠭᠠᠨ᠂ ᠵᠢᠱᠢᠶᠠᠯᠠᠪᠠᠯ ᠳᠤᠭᠠᠨ ᠤ ᠤᠬᠠᠭᠠᠨ᠂ ᠹᠢᠽᠢᠺ ᠤᠨ ᠳᠤᠮᠢᠶ᠎ᠠ ᠶᠢ ᠵᠢᠷᠤᠭ ᠲᠠᠭᠠᠨ ᠳᠦᠷᠰᠦᠯᠡᠨ ᠤᠷᠤᠭᠤᠯᠵᠤ᠂ ᠳᠡᠳᠡᠬᠡᠷ ᠤᠷᠠᠨ ᠵᠢᠷᠤᠭ ᠤᠳ ᠨᠢ ᠳᠡᠬᠦᠨ ᠤ ᠬᠤᠵᠢᠮ ᠤᠨ ᠬᠦᠰᠡᠯ ᠳᠡᠮᠡᠤᠯᠣᠯ᠂ ᠠᠮᠢᠳᠤᠷᠡᠯ ᠤᠨ ᠦᠵᠠᠯᠳᠡ ᠤᠢᠢᠯᠠᠭᠠᠯᠳᠡ᠂ ᠳᠤᠳᠤᠭᠠᠳᠤ ᠰᠠᠳᠬᠢᠯ ᠢ ᠨᠢ ᠢᠯᠡᠷᠬᠡᠶᠢᠯᠠᠵᠤ ᠪᠠᠶᠢᠯ᠎ᠠ᠃       ᠢᠷᠮᠠᠬᠦᠨ ᠮᠤᠩᠭᠤᠯ ᠤᠯᠤᠰ ᠤᠨ ᠰᠤᠶᠤᠯ ᠤᠷᠠᠯᠢᠬ ᠤᠨ ᠶᠡᠭᠡ ᠰᠤᠷᠭᠠᠭᠤᠯᠢ ᠳᠤ ᠳᠦᠷᠰᠦᠯᠡᠬᠦ ᠤᠷᠠᠯᠢᠬ ᠤᠨ ᠮᠡᠷᠬᠡᠵᠢᠯ ᠢᠶᠠᠷ ᠠᠰᠫᠢᠷᠡᠨᠲ ᠢᠶᠠᠨ ᠳᠡᠬᠦᠰᠬᠡᠵᠤ᠂ ︽ᠬᠠᠳᠤᠳ︾ ᠬᠡᠬᠦ ᠦᠪᠡᠷᠮᠢᠴᠡ ᠰᠤᠨᠢᠷᠬᠠᠯᠳᠡᠢ ᠰᠠᠳᠬᠢᠮᠵᠢ ᠲᠠᠢ᠂ ᠬᠤᠷᠴᠠ ᠦᠡᠭᠬᠡ ᠪᠤᠳᠤᠭ ᠪᠦᠬᠦᠢ ᠤᠷᠠᠨ ᠵᠢᠷᠤᠭ ᠤᠨ ᠴᠤᠪᠤᠷᠠᠯ ᠪᠦᠳᠦᠬᠡᠯ ᠢᠶᠠᠷ ᠢᠶᠠᠨ ᠮᠠᠬᠢᠰᠲ᠋ᠠᠷ ᠴᠤᠯᠠ ᠪᠠᠨ ᠬᠠᠮᠠᠭᠠᠯᠬᠠᠰᠠᠨ ᠪᠠᠶᠢᠳᠠᠭ᠃ ᠳᠡᠬᠦᠰᠦᠭᠰᠡᠨ ᠤ ᠪᠠᠨ ᠳᠠᠷᠠᠭᠠᠬᠢ ᠬᠤᠶᠡᠷ ᠵᠢᠯ ᠤᠨ ᠬᠤᠭᠤᠴᠠᠭᠠᠨ ᠳᠤ ᠡᠨᠡᠬᠦ ᠤᠷᠠᠨ ᠵᠢᠷᠤᠭ ᠤᠨ ᠦᠵᠡᠰᠬᠦᠯᠠᠩ ᠳᠡᠭᠡᠨ ᠪᠠᠯᠠᠳᠬᠡᠬᠦ ᠶᠢᠨ ᠳᠠᠭᠠᠤ ᠮᠤᠩᠭᠤᠯ ᠤᠯᠤᠰ ᠤᠨ ᠤᠷᠠᠨ ᠵᠢᠷᠤᠭ ᠤᠨ ᠳᠦᠪ ᠤᠷᠳᠤᠨ ᠳᠤ ᠭᠠᠳᠠᠭᠠᠳᠤ ᠬᠠᠷᠢᠯᠴᠠᠭᠠᠨ ᠳᠤ ᠪᠠᠶᠢᠡᠭᠭᠤ ᠳᠤᠰᠠᠯᠠᠵᠤ᠂ ᠳᠤᠮᠳᠠᠳᠤ ᠮᠤᠩᠭᠤᠯ ᠤᠨ ᠵᠢᠷᠤᠭᠠᠴᠢᠳ ᠤᠨ ᠬᠠᠮᠳᠤ ᠶᠢᠨ ᠪᠤᠶᠤ ᠬᠤᠪᠢ ᠬᠦᠮᠦᠨ ᠤ ᠤᠯᠠᠨ ᠦᠵᠠᠰᠬᠦᠯᠠᠩ ᠳᠤ ᠳᠤᠰᠠᠯᠠᠨ ᠳᠡᠮᠵᠢᠳᠡᠭ ᠪᠦᠬᠡᠳ ᠬᠢᠳᠡᠳ ᠮᠤᠩᠭᠤᠯ ᠬᠡᠯᠡ ᠠᠴᠠ ᠭᠠᠳᠠᠨ᠎ᠠ ᠠᠩᠭ᠍ᠯᠢ ᠪᠠᠷ ᠴᠤ ᠤᠷᠤᠰᠤᠮ᠎ᠠ ᠶᠠᠷᠢᠳᠠᠭ ᠪᠠᠶᠢᠯ᠎ᠠ᠃       ︽ᠨᠢᠬᠡᠨ ᠵᠢᠷᠤᠭᠠᠴᠢ ᠬᠦᠮᠦᠨ ᠪᠤᠯᠬᠤ ᠳᠤ ᠬᠢᠯᠪᠡᠷ᠂ ᠬᠡᠪᠡᠴᠤ ᠤᠷᠠᠨ ᠪᠦᠳᠦᠬᠡᠯᠴᠢ ᠬᠦᠮᠦᠨ ᠪᠤᠯᠬᠤ ᠳᠤ ᠪᠠᠶᠢᠭᠠᠯᠢ᠂ ᠨᠠᠶᠢᠬᠡᠮ᠂ ᠳᠡᠤᠬᠡ ᠰᠤᠶᠤᠯ ᠤᠨ ᠤᠯᠠᠨ ᠬᠦᠷᠢᠶᠠᠨ ᠤ ᠮᠡᠳᠡᠯᠬᠡ ᠲᠠᠢ ᠪᠠᠶᠢᠬᠤ ᠴᠢᠬᠤᠯᠠᠳᠡᠢ︾ ᠬᠡᠵᠤ ᠦᠵᠡᠳᠡᠭ ᠢᠷᠮᠡᠬᠦᠨ ᠪᠠᠶᠢᠡᠭᠭᠤ ᠨᠤᠮ ᠤᠡᠭᠰᠢᠵᠤ᠂ ᠰᠤᠷᠴᠤ ᠰᠤᠳᠤᠯᠵᠤ ᠶᠠᠪᠤᠬᠤ ᠶᠢ ᠬᠢᠴᠢᠶᠠᠳᠡᠭ ᠠᠵᠢ᠃ ᠳᠡᠷᠡ ᠡᠨᠡ ᠬᠡᠳᠤᠨ ᠵᠢᠯ ᠤᠨ ᠬᠤᠭᠤᠴᠠᠭᠠᠨ ᠳᠤ ᠮᠤᠩᠭᠤᠯ ᠤᠯᠤᠰ ᠤᠨ ᠡᠯ᠎ᠠ ᠨᠤᠳᠤᠭ ᠢᠶᠠᠷ ᠠᠶᠠᠯᠠᠨ ᠶᠠᠪᠤᠵᠤ᠂ ᠳᠠᠳᠤᠯᠭ᠎ᠠ ᠪᠤᠯᠪᠠᠰᠤᠷᠡᠯ ᠬᠢᠵᠤ᠂ ᠤᠷᠠᠨ ᠵᠢᠷᠤᠭ ᠤᠨ ᠮᠦᠽᠧᠢ᠂ ᠤᠷᠠᠨ ᠵᠢᠷᠤᠭ ᠤᠨ ᠦᠵᠡᠰᠬᠦᠯᠠᠩ ᠢᠶᠠᠷ ᠤᠯᠠᠨᠳᠠ ᠤᠴᠢᠵᠤ ᠦᠪᠡᠷᠳᠡᠬᠡᠨ ᠪᠠᠭ᠎ᠠ ᠪᠤᠰᠤ ᠮᠡᠳᠡᠯᠬᠡ ᠪᠤᠯᠪᠠᠰᠤᠷᠠᠯ ᠬᠤᠷᠡᠮᠳᠤᠭᠤᠯᠤᠬᠰᠠᠨ ᠪᠠᠶᠢᠯ᠎ᠠ᠃ 2015 ᠤᠨ ᠳᠤ ᠮᠤᠩᠭᠤᠯ ᠤᠨ ᠢᠷᠠᠭᠤ ᠨᠠᠶᠢᠷᠠᠭᠴᠢ ᠠ᠊ · ᡀᠠᠬᠠᠪᠠ ᠶᠢᠨ ︽ᠮᠤᠩᠭᠤᠯ ᠵᠢᠷᠤᠭᠠᠴᠢᠳ︾ ᠬᠡᠬᠦ ᠨᠤᠮ ᠢ ᠺᠢᠷᠢᠯ ᠦᠰᠦᠭ ᠠᠴᠠ ᠤᠢᠢᠭᠤᠷᠵᠢᠡ ᠦᠰᠦᠭ ᠲᠤ ᠪᠠᠭᠤᠯᠭᠠᠬᠤ ᠠᠵᠢᠯ ᠳᠤ ᠤᠷᠤᠯᠴᠠᠵᠤ᠂ ᠮᠤᠩᠭᠤᠯ ᠤᠨ ᠵᠢᠷᠤᠭᠠᠴᠢᠳ ᠪᠠ ᠳᠡᠳᠡᠨ ᠤ ᠤᠶᠤᠨ ᠰᠠᠳᠬᠢᠬᠦᠢ᠂ ᠤᠷᠠᠨ ᠵᠢᠷᠤᠭ ᠤᠨ ᠰᠠᠳᠬᠢᠮᠵᠢ ᠶᠢ ᠦᠪᠤᠷ ᠮᠤᠩᠭᠤᠯ ᠳᠤ ᠳᠡᠨᠢᠯᠴᠠᠭᠤᠯᠬᠤ ᠠᠵᠢᠯ ᠳᠤ ᠦᠪᠡᠷ ᠤᠨ ᠬᠤᠪᠢ ᠨᠡᠮᠡᠷᠢ ᠪᠠᠨ ᠥᠵᠠᠬᠦᠯᠵᠠᠢ᠃       ᠮᠠᠯᠵᠢᠬᠤ ᠪᠤᠷᠤᠭᠵᠢᠭᠤᠨ ᠠᠮᠢᠳᠤᠷᠡᠯ ᠠᠴᠠ ᠤᠶᠤᠨ ᠮᠡᠳᠡᠷᠡᠮᠵᠢ᠂ ᠬᠠᠮᠤᠭ ᠤᠨ ᠨᠠᠨᠳᠢᠨ ᠵᠠᠩ ᠠᠭᠠᠯᠢ ᠳᠦᠯᠦᠪᠰᠢᠳᠡᠭ ᠬᠡᠵᠤ ᠦᠵᠡᠳᠡᠭ ᠢᠷᠮᠡᠬᠦᠨ᠄ ︽ᠶᠠᠮᠠᠷ ᠨᠢᠬᠡ ᠳᠤᠮᠢᠶ᠎ᠠ᠂ ᠳᠤᠭᠠᠨ ᠤ ᠪᠤᠳᠤᠯᠭ᠎ᠠ ᠶᠢ ᠴᠢᠯᠦᠬᠡ ᠴᠠᠭ ᠢᠶᠠᠷ ᠢᠶᠠᠨ ᠪᠤᠳᠤᠬᠤ ᠳᠤᠷᠠᠳᠡᠢ᠃ ᠬᠦᠮᠦᠨ ᠳᠤ ᠳᠤᠰᠠᠯᠠᠵᠤ ᠰᠤᠷᠬᠤ᠂ ᠬᠦᠮᠦᠨ ᠪᠤᠯᠵᠤ ᠰᠤᠷᠬᠤ ᠶᠢ ᠵᠢᠷᠤᠭᠠᠴᠢ ᠬᠦᠮᠦᠨ ᠤ᠂ ᠨᠠᠩ ᠴᠢᠨᠠᠭᠰᠢᠯᠠᠭᠠᠤᠨ ᠨᠢᠬᠡ ᠤᠷᠠᠨ ᠪᠦᠳᠦᠬᠡᠯᠴᠢ ᠬᠦᠮᠦᠨ ᠤ ᠰᠠᠭᠤᠷᠢ ᠬᠡᠵᠤ ᠪᠤᠳᠤᠳᠠᠭ᠂ ᠳᠡᠷᠡᠪᠡᠷ ᠮᠡᠳᠡᠯᠬᠡ ᠪᠤᠯᠪᠠᠰᠤᠷᠡᠯ ᠤᠨ ᠳᠦᠪᠰᠢᠨ ᠢ ᠵᠦᠪᠬᠡᠨ ᠳᠡᠬᠦᠰᠦᠭᠰᠡᠨ ᠦᠨᠠᠮᠯᠠᠯ ᠢᠶᠠᠷ ᠬᠠᠷᠠᠬᠤ ᠪᠢᠰᠢ᠂ ᠬᠠᠷᠢᠨ ᠤᠯᠠᠨ ᠳᠠᠯ᠎ᠠ ᠶᠢᠨ ᠶᠡᠷᠦᠩᠬᠡᠶᠢᠯᠡᠭᠰᠡᠨ ᠮᠡᠳᠡᠯᠬᠡ ᠲᠠᠢ ᠪᠠᠶᠢᠬᠤ ᠨᠢ ᠵᠦᠪ︾ ᠬᠡᠵᠤ ᠰᠤᠷᠪᠤᠯᠵᠢᠯᠠᠭᠴᠢ ᠳᠤ ᠶᠠᠷᠢᠯ᠎ᠠ᠃       ᠵᠠᠯᠠᠭᠤ ᠨᠠᠰᠤ ᠶᠢ ᠤᠨᠳᠤᠤ ᠦᠡᠭᠬᠡ ᠪᠠᠷ ᠬᠠᠷᠠᠵᠤ ᠰᠡᠳᠬᠢᠵᠤ ᠴᠢᠳᠠᠳᠠᠬ ᠬᠡᠵᠤ ᠵᠠᠯᠠᠭᠤ ᠵᠢᠷᠤᠭᠠᠴᠢ ᠢᠷᠮᠡᠬᠦᠨ ᠢ ᠦᠨᠡᠯᠡᠬᠦ ᠳᠤ ᠢᠯᠡᠬᠦᠳᠡᠮᠡᠷ ᠦᠬᠡᠢ ᠰᠠᠨᠠᠬᠳᠠᠯ᠎ᠠ᠃ ᠳᠡᠬᠦᠨ ᠤ ᠤᠷᠠᠨ ᠵᠢᠷᠤᠭ ᠤᠨ ᠭᠤᠤᠯ ᠰᠠᠨᠠᠭ᠎ᠠ ᠨᠢ ᠦᠵᠡᠯ ᠪᠤᠳᠤᠯ ᠤᠨ ᠬᠢᠵᠠᠭᠠᠷ ᠦᠬᠡᠢ ᠪᠠᠶᠢᠳᠠᠯ ᠢ ᠢᠯᠡᠷᠬᠡᠶᠢᠯᠡᠬᠦ ᠪᠦᠬᠡᠳ ᠤᠯᠠᠨ ᠳᠦᠷᠦᠯ ᠤᠨ ᠰᠢᠨᠵᠢᠯᠡᠬᠦ ᠤᠬᠠᠭᠠᠨ ᠤ ᠨᠠᠶᠢᠯᠠᠪᠤᠷᠢ ᠪᠤᠯᠬᠤ ᠶᠤᠮ᠃ ᠪᠠᠶᠢᠭᠠᠯᠢ ᠶᠢᠨ ᠰᠢᠨᠵᠢᠯᠡᠬᠦ ᠤᠬᠠᠭᠠᠨ ᠳᠤ ᠰᠤᠨᠢᠷᠬᠠᠯᠳᠡᠢ ᠳᠡᠬᠦᠨ ᠤ ᠪᠦᠳᠦᠬᠡᠯ ᠨᠢ ᠹᠢᠽᠢᠺ ᠪᠠ ᠳᠤᠭᠠᠨ ᠤ ᠤᠬᠠᠭᠠᠨ ᠤ ᠨᠢᠭᠤᠬᠳᠠᠮᠠᠯ ᠳᠤᠮᠢᠶ᠎ᠠ ᠨᠤᠭᠤᠳ ᠪᠠᠶᠢᠬᠰᠠᠨ ᠨᠢ ᠰᠤᠨᠢᠷᠬᠠᠯᠳᠡᠢ ᠮᠥᠷᠳᠡᠬᠡᠨ ᠦᠰᠦᠭ ᠪᠢᠴᠢᠭ ᠮᠤᠩᠭᠤᠯ ᠳᠡᠤᠬᠡ ᠶᠢᠨ ᠮᠡᠳᠡᠯᠬᠡ ᠶᠢ ᠰᠠᠶᠢᠨ ᠮᠡᠳᠡᠵᠤ᠂ ᠳᠡᠬᠦᠨ ᠢ ᠪᠠᠨ ᠨᠠᠶᠢᠵᠠ ᠨᠦᠬᠦᠳ ᠲᠠᠢ ᠪᠠᠨ ᠬᠤᠪᠢᠶᠠᠯᠴᠠᠵᠤ ᠶᠠᠷᠢᠯᠴᠠᠬᠤ ᠳᠤᠷᠠᠳᠡᠢ ᠪᠠᠶᠢᠳᠠᠭ ᠢ ᠨᠢ ᠨᠠᠶᠢᠵᠠ ᠨᠡᠷ ᠲᠠᠢ ᠨᠢ ᠶᠠᠷᠢᠯᠴᠠᠵᠤ ᠤᠢᠢᠯᠠᠭᠠᠬᠰᠠᠨ ᠶᠤᠮ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠣᠶᠣᠯ ᠭᠠᠷᠠᠭ ᠤᠨ ᠬᠡᠪᠯᠡᠯ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号