ᠠᠪᠠᠭ᠎ᠠ ᠬᠤᠰᠢᠭᠤ ᠲᠠᠷᠢᠶᠠᠯᠠᠩ ᠤᠨ ᠶᠡᠷᠥᠩᠬᠡᠶᠢᠯᠡᠨ ᠨᠡᠭᠡᠭᠡᠨ ᠠᠰᠢᠭᠯᠠᠬᠤ ᠲᠥᠷᠥᠯ ᠵᠦᠢᠯ ᠨᠢ ᠮᠠᠯᠴᠢᠳ ᠲᠤ ᠦᠷ᠎ᠡ ᠠᠰᠢᠭ ᠢ ᠬᠦᠷᠭᠡᠵᠤ ᠪᠠᠶᠢᠨ᠎ᠠ
ᠨᠡᠶᠢᠲᠡᠯᠡᠭᠰᠡᠨ ᠴᠠᠭ᠄
2016/10/13
    ᠡᠨᠡ ᠵᠢᠯ ᠠᠪᠠᠭ᠎ᠠ ᠬᠤᠰᠢᠭᠤ ᠬᠦᠳᠡᠭᠡ ᠠᠵᠦ ᠠᠬᠤᠢ ᠶᠢᠨ ᠶᠡᠷᠥᠩᠬᠡᠶᠢᠯᠡᠭᠰᠡᠨ ᠨᠡᠭᠡᠭᠡᠨ ᠬᠦᠭᠵᠢᠬᠦᠯᠬᠦ᠂ ᠭᠠᠵᠠᠷ ᠰᠢᠷᠤᠢ ᠶᠢ ᠴᠡᠭᠴᠡᠯᠡᠨ ᠵᠠᠰᠠᠬᠤ ᠲᠦᠷᠥᠯ ᠵᠦᠢᠯ ᠢᠶᠠᠷ 3 ᠰᠤᠮᠤ ᠪᠠᠯᠭᠠᠰᠤᠨ ᠤ 5 ᠭᠠᠴᠠᠭᠠᠨ ᠤ ᠮᠠᠯᠵᠢᠬᠤ ᠡᠷᠦᠬᠡ ᠳᠤ ᠠᠰᠢᠭ ᠬᠦᠷᠳᠡᠭᠡᠵᠤ ᠪᠤᠢ᠃     ᠲᠤᠰ ᠬᠤᠰᠢᠭᠤ ᠬᠦᠳᠡᠭᠡ ᠠᠵᠦ ᠠᠬᠤᠢ ᠶᠢᠨ ᠶᠡᠷᠥᠩᠬᠡᠶᠢᠯᠡᠭᠰᠡᠨ ᠨᠡᠭᠡᠭᠡᠨ ᠬᠦᠭᠵᠢᠬᠦᠯᠬᠦ ᠪᠥᠲᠦᠭᠡᠨ ᠪᠠᠶᠢᠭᠤᠯᠤᠯᠲᠠ ᠶᠢᠨ ᠲᠦᠷᠦᠯ ᠵᠦᠢᠯ ᠳᠤ 1896 ᠲᠦᠮᠡᠨ ᠲᠦᠭᠦᠷᠢᠭ ᠤᠨ ᠪᠡᠯᠡ ᠤᠷᠤᠭᠤᠯᠵᠤ᠂ ᠡᠭᠦᠨ ᠳᠤ ᠲᠦᠪ ᠤᠨ ᠡᠳ᠋ ᠤᠨ ᠵᠠᠰᠠᠭ ᠤᠨ ᠪᠡᠯᠡ ᠮᠥᠩᠭᠦ 1114 ᠲᠦᠮᠡᠨ ᠲᠦᠭᠦᠷᠢᠭ᠂ ᠦᠪᠡᠷᠳᠡᠭᠡᠨ ᠵᠠᠰᠠᠬᠤ ᠤᠷᠤᠨ ᠤ ᠡᠳ᠋ ᠤᠨ ᠵᠠᠰᠠᠭ ᠤᠨ ᠲᠤᠬᠢᠷᠠᠭᠤᠯᠤᠭᠰᠡᠨ ᠪᠡᠯᠡ ᠮᠥᠩᠭᠦ 356 ᠲᠦᠮᠡᠨ ᠲᠦᠭᠦᠷᠢᠭ᠂ ᠠᠶᠢᠮᠠᠭ ᠬᠤᠰᠢᠭᠤ ᠬᠤᠶᠠᠷ ᠱᠠᠲᠤᠨ ᠤ ᠡᠳ᠋ ᠤᠨ ᠵᠠᠰᠠᠭ ᠤᠨ ᠲᠤᠬᠢᠷᠠᠭᠤᠯᠤᠭᠰᠡᠨ ᠪᠡᠯᠡ ᠮᠥᠩᠭᠦ 45 ᠲᠦᠮᠡᠨ ᠲᠦᠭᠦᠷᠢᠭ᠂ ᠮᠠᠯᠴᠢᠳ ᠦᠪᠡᠷᠳᠡᠭᠡᠨ ᠴᠤᠭᠯᠠᠭᠤᠯᠤᠭᠰᠡᠨ ᠪᠡᠯᠡ ᠮᠥᠩᠭᠦ 336 ᠲᠦᠮᠡᠨ ᠲᠦᠭᠦᠷᠢᠭ ᠪᠤᠯᠤᠨ᠎ᠠ᠃ ᠡᠬᠦᠨ ᠳᠤ ᠲᠦᠷᠦᠯ ᠵᠦᠢᠯ ᠤᠨ ᠪᠡᠯᠡ ᠮᠦᠡᠭᠬᠦ ᠶᠢ ᠠᠰᠢᠭᠯᠠᠵᠦ᠂ ᠰᠢᠨ᠎ᠡ ᠪᠠᠷ ᠮᠠᠰᠢᠨ ᠬᠤᠳᠳᠤᠭ 37᠎ ᠶᠢ ᠮᠠᠯᠳᠠᠵᠤ᠂ ᠲᠤᠭᠤᠷᠢᠭ ᠬᠤᠪᠢᠶᠠᠨ ᠰᠡᠯᠬᠦᠨ ᠮᠠᠯᠵᠢᠬᠰᠠᠨ ᠲᠠᠯᠠᠪᠠᠢ 17 ᠲᠦᠮᠡᠨ ᠮᠦ ᠳᠤ ᠬᠦᠷᠴᠦ᠂ ᠪᠠᠷᠢᠮᠵᠢᠶᠠᠲᠦ ᠫᠧᠩ ᠬᠤᠷᠤᠭᠠᠨ ᠤ ᠪᠥᠲᠦᠭᠡᠨ ᠪᠠᠶᠢᠭᠤᠯᠤᠯᠲᠠ ᠶᠢᠨ ᠲᠠᠯᠠᠪᠠᠢ 8400 ᠬᠠᠪᠳᠠᠭᠠᠢ ᠳᠦᠷᠪᠡᠯᠵᠢᠨ ᠮᠧᠲᠷ ᠲᠤ ᠬᠦᠷᠴᠦ᠂ ᠨᠠᠷᠠ ᠰᠠᠯᠬᠢᠨ ᠤ ᠬᠠᠷᠢᠯᠴᠠᠨ ᠨᠦᠬᠦᠪᠦᠷᠢᠯᠡᠬᠦ ᠤᠰᠤ ᠲᠠᠳᠠᠬᠤ ᠲᠦᠬᠦᠭᠡᠷᠥᠮᠵᠢ 10 ᠢᠵᠢ ᠶᠢ ᠬᠤᠳᠠᠯᠳᠤᠨ ᠤᠷᠤᠭᠤᠯᠵᠤ᠂ ᠪᠠᠰᠠ ᠨᠠᠷᠠ ᠰᠠᠯᠬᠢᠨ ᠢ ᠬᠠᠷᠢᠯᠴᠠᠨ ᠨᠦᠬᠦᠪᠦᠷᠢᠯᠡᠬᠦ ᠤᠰᠤ ᠲᠠᠳᠠᠬᠤ ᠲᠦᠬᠦᠭᠡᠷᠦᠮᠵᠢ 37 ᠢᠵᠢ ᠶᠢ ᠪᠥᠷᠢᠯᠳᠦᠭᠦᠯᠵᠦ ᠂ ᠮᠠᠯᠵᠢᠬᠤ ᠦᠢᠯᠡᠳᠪᠥᠷᠢᠯᠡᠯ ᠳᠤ ᠬᠡᠷᠡᠭᠯᠡᠬᠦ ᠬᠢᠨᠠᠨ ᠡᠵᠡᠮᠳᠡᠭᠦᠷ 74 ᠢᠵᠢ ᠶᠢ ᠤᠭᠰᠠᠷᠠᠵᠦ᠂ ᠬᠤᠨᠢᠨ ᠤ ᠬᠠᠰᠢᠶ᠎ᠠ ᠴᠡᠪᠡᠷᠯᠡᠬᠦ ᠳᠦᠬᠦᠭᠡᠷᠥᠮᠵᠢ 15 ᠢᠵᠢ ᠤᠷᠤᠭᠤᠯᠵᠤ᠂ ᠤᠰᠤ ᠬᠠᠳᠠᠭᠠᠯᠠᠬᠤ ᠵᠤᠭᠤᠷᠢ 44᠎ ᠶᠢ ᠪᠠᠶᠢᠭᠤᠯᠵᠤ᠂ ᠤᠰᠤᠨ ᠤ ᠤᠩᠭᠤᠴᠠ ︵ᠪᠤᠷᠳᠤᠭᠠᠨ ᠤ ᠤᠩᠭᠤᠴᠠ︶ 850᠎ ᠶᠢ ᠪᠠᠶᠢᠭᠤᠯᠪᠠ᠂ ᠲᠡᠷᠡᠴᠢᠯᠡᠨ ᠬᠡᠷᠡᠭᠯᠡᠭᠡᠨ ᠤ ᠤᠷ᠎ᠠ ᠮᠡᠷᠭᠡᠵᠢᠯ ᠤᠨ ᠪᠤᠯᠪᠠᠰᠤᠷᠠᠯ ᠢ 150 ᠬᠦᠮᠦᠨ ᠤᠳᠠᠭ᠎ᠠ ᠳᠤ ᠠᠮᠵᠢᠯᠳᠠᠳᠠᠢ ᠡᠷᠬᠢᠯᠡᠪᠡ᠃        ᠤᠢᠢᠯᠠᠭᠠᠬᠰᠠᠨ ᠢᠶᠠᠷ᠂ ᠤᠳᠤᠬᠠᠨ ᠪᠤᠯᠳᠠᠯ᠎ᠠ ᠰᠢᠨ᠎ᠡ ᠮᠠᠰᠢᠨ ᠬᠤᠳᠳᠤᠭ ᠮᠠᠯᠳᠠᠬᠤ ᠡᠭᠦᠷᠭᠡ ᠪᠠᠨ 98. 2%᠎ ᠪᠠᠷ ᠪᠡᠶᠡᠯᠡᠭᠦᠯᠵᠦ᠂ ᠪᠠᠷᠢᠮᠵᠢᠶᠠᠲᠦ ᠫᠧᠩ ᠬᠤᠷᠤᠭᠠᠨ ᠤ ᠪᠦᠲᠦᠭᠡᠨ ᠪᠠᠶᠢᠭᠤᠯᠤᠯᠲᠠ ᠶᠢᠨ ᠡᠭᠦᠷᠭᠡ ᠶᠢ 92%᠎ ᠪᠠᠷ ᠪᠡᠶᠡᠯᠡᠭᠦᠯᠵᠦ᠂ ᠲᠤᠭᠤᠷᠢᠭ ᠬᠤᠪᠢᠶᠠᠨ ᠰᠡᠯᠬᠦᠨ ᠮᠠᠯᠵᠢᠬᠰᠠᠨ ᠲᠠᠯᠠᠪᠠᠢ ᠶᠢᠨ ᠲᠦᠯᠥᠪᠯᠡᠭᠡᠨ ᠤ ᠡᠭᠦᠷᠭᠡ ᠶᠢᠨ ᠢᠶᠠᠨ 50%᠎ ᠶᠢ ᠪᠡᠶᠡᠯᠡᠭᠦᠯᠵᠦ᠂ ᠬᠡᠷᠡᠭᠯᠡᠭᠡᠨ ᠤ ᠤᠷ᠎ᠠ ᠮᠡᠷᠭᠡᠵᠢᠯ ᠤᠨ ᠪᠤᠯᠪᠠᠰᠤᠷᠠᠯ ᠤᠨ ᠡᠭᠦᠷᠭᠡ ᠶᠢ ᠪᠡᠶᠡᠯᠡᠭᠦᠯᠥᠭᠰᠡᠨ ᠨᠤᠷᠮ᠎ᠠ 100%᠎ ᠳᠤ ᠬᠦᠷᠴᠠᠢ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号