ᠦᠬᠡᠷ ᠮᠠᠯᠵᠢᠬᠤ ᠨᠠᠷᠢᠨ ᠲᠠᠩᠰᠠ ᠶᠢ ᠵᠥᠪ ᠪᠤᠳᠤᠭᠰᠠᠨ ᠬᠠᠰᠢᠷ ᠮᠠᠯᠴᠢᠨ — ᠰᠠᠩᠪᠤᠯᠠᠭ ᠰᠤᠮᠤ ᠶᠢᠨ  ᠵᠢᠷᠭᠠᠯᠠᠩᠲᠤ ᠭᠠᠴᠠᠭᠠᠨ ᠤ ᠪᠠᠲᠤᠴᠢᠯᠠᠭᠤ ᠶᠢ ᠲᠡᠮᠳᠡᠭᠡᠯᠡᠪᠡ
ᠨᠡᠶᠢᠲᠡᠯᠡᠭᠰᠡᠨ ᠴᠠᠭ᠄
2016/10/13
    9 ᠳ᠋ᠤᠭᠡᠷ ᠰᠠᠷ᠎ᠠ ᠶᠢᠨ ᠰᠡᠭᠦᠯᠴᠢ ᠪᠠᠷ ᠪᠢᠳᠡ ᠰᠦᠨᠢᠳ ᠪᠠᠷᠠᠭᠤᠨ ᠬᠤᠰᠢᠭᠤᠨ ᠤ ᠰᠠᠩᠪᠤᠯᠠᠭ ᠰᠤᠮᠤ ᠶᠢᠨ ᠵᠢᠷᠭᠠᠯᠠᠩᠳᠦ ᠭᠠᠴᠠᠭᠠᠨ ᠤ ᠬᠠᠰᠢᠷ ᠮᠠᠯᠴᠢᠨ ᠪᠠᠳᠤᠴᠢᠯᠠᠭᠤ ᠶᠢᠨ ᠳᠤ ᠭᠦᠷᠴᠦ᠂ ᠨᠤᠲᠤᠭ ᠪᠡᠯᠴᠢᠭᠡᠷ ᠤᠨ ᠪᠤᠲᠠᠲᠤ ᠪᠠᠶᠢᠲᠠᠯ ᠳᠠᠭᠠᠨ ᠲᠤᠬᠢᠷᠠᠭᠤᠯᠤᠨ ᠲᠤᠰᠬᠠᠢᠢᠯᠠᠨ ᠥᠭᠡᠷ ᠮᠠᠯᠵᠢᠵᠥ᠂ ᠤᠷᠤᠯᠭ᠎ᠠ ᠪᠠᠨ ᠨᠡᠮᠡᠭᠲᠡᠬᠦᠯᠵᠥ ᠪᠠᠶᠢᠭ᠎ᠠ ᠲᠤᠬᠠᠢ ᠰᠤᠷᠪᠤᠯᠵᠢᠯᠠᠯ᠎ᠠ᠃ ᠪᠢᠲᠠᠨ ᠢ ᠬᠥᠷᠬᠦ ᠳᠤ ᠪᠠᠲᠤᠴᠢᠯᠠᠭᠤ ᠭᠤᠸᠠᠢ ᠥᠭᠡᠷ ᠢᠶᠠᠨ ᠤᠰᠤᠯᠠᠵᠥ ᠪᠠᠶᠢᠪᠠ᠃ ᠡᠲᠡᠨᠡᠶᠢᠬᠢ ᠭᠤᠤᠯᠲᠠᠭᠤ ᠰᠢᠮᠧᠨ᠋ᠲ᠋ᠠᠷ ᠪᠤᠯᠤᠨ ᠱᠠᠷᠦ᠋ᠯᠠᠢ ᠡᠬᠦᠯᠲᠡᠷ ᠤᠨ ᠥᠭᠡᠷ ᠮᠠᠯᠵᠢᠵᠥ᠂ ᠥᠭᠡᠷ ᠨᠢ ᠨᠢᠭᠡᠳ ᠨᠢᠭᠡ ᠪᠠᠷ ᠢᠶᠠᠨ ᠲᠠᠷᠭᠤ ᠰᠠᠶᠢᠲᠠᠢ᠃       ᠪᠠᠳᠤᠴᠢᠯᠠᠭᠤ ᠶᠢᠨ ᠬᠢ 11000 ᠮᠦ ᠨᠤᠳᠤᠭ ᠲᠠᠢ᠂ ᠨᠤᠳᠤᠭ ᠪᠡᠯᠴᠢᠭᠡᠷ ᠤᠨ ᠶᠡᠬᠡᠨᠭᠭᠢ ᠬᠡᠰᠡᠭ ᠨᠢ ᠡᠯᠡᠰᠦᠷᠭᠡᠭ ᠭᠠᠵᠠᠷ ᠪᠤᠯᠬᠤᠷ ᠥᠭᠡᠷ ᠮᠠᠯᠵᠢᠬᠤ ᠵᠠᠮ ᠢ ᠰᠤᠩᠭᠤᠭᠰᠠᠨ ᠪᠠᠶᠢᠯ᠎ᠠ᠃ ︽ᠮᠠᠨᠠᠶᠢᠬᠢ ᠵᠢᠯ ᠪᠦᠷᠢ 60 ᠭᠠᠷᠦᠢ ᠦᠭᠡᠷ ᠵᠠᠷᠤᠴᠠᠭᠤᠯᠵᠦ᠂ 110 — 120 ᠡᠭᠡ ᠮᠠᠯ ᠡᠪᠤᠯᠵᠢᠭᠦᠯᠲᠡᠭ᠃ ᠡᠨᠡ ᠨᠢ ᠮᠠᠯ ᠪᠡᠯᠴᠢᠭᠡᠷ ᠤᠨ ᠲᠡᠩᠴᠡᠭᠦᠷᠢ ᠶᠢ ᠪᠠᠳᠤᠯᠠᠵᠦ ᠴᠢᠲᠠᠬᠤ ᠪᠦᠭᠡᠳ ᠭᠦᠳᠡᠯᠮᠦᠷᠢ ᠭᠦᠴᠦ ᠪᠤᠯᠤᠨ ᠤᠷᠤᠯᠭ᠎ᠠ ᠶᠢᠨ ᠲᠠᠯ᠎ᠠ ᠪᠠᠷ ᠬᠠᠮᠤᠭ ᠠᠴᠠ ᠲᠤᠬᠢᠷᠠᠮᠵᠢᠳᠠᠢ︾ ᠭᠡᠵᠥ ᠲᠡᠷᠡ ᠪᠢᠲᠠᠨ ᠳᠤ ᠲᠠᠨᠢᠯᠴᠠᠭᠤᠯᠤᠨ᠎ᠠ᠃ ᠡᠨᠡ ᠨᠢ ᠥᠨᠡᠨᠲᠡᠭᠡᠨ ᠬᠠᠰᠢᠷ ᠮᠠᠯᠴᠢᠨ ᠤ ᠤᠲᠠᠭᠠᠨ ᠵᠢᠯ ᠤᠨ ᠲᠤᠷᠰᠢᠯᠭ᠎ᠠ ᠠᠴᠠ ᠤᠯᠤᠭᠰᠠᠨ ᠳ᠋ᠥᠡᠭᠨᠡᠯᠲᠡ ᠪᠠᠶᠢᠭᠰᠠᠨ ᠠᠵᠢ᠃       ᠡᠨᠡ ᠵᠢᠯ ᠰᠦᠨᠢᠳ ᠨᠤᠳᠤᠭ ᠨᠡᠶᠢᠲᠡᠮ ᠳᠡᠭᠡᠨ ᠬᠤᠷ᠎ᠠ ᠪᠤᠷᠤᠭᠠᠨ ᠡᠯᠪᠡᠭ ᠪᠤᠯᠬᠤᠷ ᠪᠠᠳᠤᠴᠢᠯᠠᠭᠤ ᠶᠢᠨ ᠬᠢ ᠨᠢᠭᠡᠨᠳᠡ ᠡᠪᠡᠰᠦ ᠪᠠᠨ ᠪᠥᠬᠦᠨ ᠢ ᠬᠠᠳᠦᠵᠦ ᠨᠦᠭᠡᠴᠡᠯᠡᠭᠰᠡᠨ ᠪᠦᠭᠡᠳ ᠪᠢᠳᠡᠨ ᠢ ᠭᠦᠷᠭᠦ ᠳᠤ 10 ᠭᠠᠷᠦᠢ ᠦᠭᠡᠷ ᠢᠶᠠᠨ ᠵᠠᠷᠤᠴᠠᠭᠤᠯᠵᠦ᠂ ᠪᠤᠰᠤᠳ ᠢ ᠨᠢ ᠡᠪᠤᠯ ᠤᠨ ᠠᠭᠤᠷ ᠤᠷᠤᠬᠤ ᠠᠴᠠ ᠡᠮᠦᠨ᠎ᠠ ᠵᠠᠷᠤᠴᠠᠭᠤᠯᠬᠤ ᠪᠠᠷ ᠪᠠᠶᠢᠪᠠ᠃ ︽ᠡᠨᠡ ᠵᠢᠯ ᠮᠠᠨᠠᠶᠢᠬᠢ 120 ᠭᠠᠷᠦᠢ ᠡᠭᠡ ᠮᠠᠯ ᠡᠪᠤᠯᠵᠢᠭᠦᠯᠦᠨ᠎ᠠ᠂ ᠬᠠᠳᠤᠯᠠᠩ ᠨᠡᠯᠢᠶᠡᠳ ᠵᠦᠭᠡᠷ ᠪᠤᠯᠬᠤᠷ ᠤᠳᠤ ᠪᠠᠭ᠎ᠠ ᠰᠠᠭ᠎ᠠ ᠲᠡᠵᠢᠭᠡᠯ ᠪᠤᠷᠳᠤᠭ᠎ᠠ ᠠᠪᠤᠪᠠᠯ ᠮᠠᠯ ᠢᠶᠠᠨ ᠡᠪᠤᠯᠵᠢᠭᠦᠯᠭᠦ ᠳᠤ ᠠᠯᠵᠢᠬᠤ ᠦᠭᠡᠢ︾ ᠭᠡᠵᠦ ᠲᠡᠷᠡ ᠰᠤᠷᠪᠤᠯᠵᠢᠯᠠᠭᠴᠢ ᠳᠤ ᠶᠠᠷᠢᠨ᠎ᠠ᠃       ᠨᠢᠳᠦᠨᠦᠨ ᠵᠢᠯ ᠰᠦᠨᠢᠳ ᠨᠤᠳᠤᠭ ᠶᠡᠭᠡᠪᠡᠷ ᠭᠠᠨᠭ᠍ᠳᠠᠭᠰᠠᠨ ᠪᠤᠯᠪᠠᠴᠦ ᠪᠠᠳᠤᠴᠢᠯᠠᠭᠤ ᠶᠢᠨ ᠬᠢ ᠮᠦᠨ ᠯᠠ 20 ᠲᠦᠮᠡᠨ ᠲᠦᠭᠦᠷᠢᠭ ᠤᠨ ᠴᠡᠪᠡᠷ ᠤᠷᠤᠯᠭ᠎ᠠ ᠤᠯᠤᠭᠰᠠᠨ ᠪᠠᠶᠢᠯ᠎ᠠ᠃ ᠡᠭᠦᠨ ᠤ ᠪᠠᠨ ᠲᠤᠬᠠᠢ ᠪᠠᠳᠤᠴᠢᠯᠠᠭᠤ ᠭᠤᠸᠠᠢ ᠪᠢᠳᠡᠨ ᠳᠤ ᠨᠠᠷᠢᠨ ᠲᠠᠩᠰᠠ ᠪᠤᠳᠤᠵᠦ ᠭᠠᠷᠤᠯ᠎ᠠ᠄ 110 ᠡᠭᠡ ᠮᠠᠯ ᠡᠪᠤᠯᠵᠢᠭᠦᠯᠵᠦ᠂ 60 ᠭᠠᠷᠦᠢ ᠮᠠᠯ ᠢᠶᠠᠨ ᠲᠤᠮᠳᠠᠴᠢ ᠪᠠᠷ 5000 ᠲᠦᠭᠦᠷᠢᠭ ᠢᠶᠠᠷ ᠵᠠᠷᠤᠴᠠᠭᠤᠯᠵᠦ᠂ ᠨᠡᠶᠢᠳᠡ 30 ᠭᠠᠷᠦᠢ ᠲᠦᠮᠡᠨ ᠲᠦᠭᠦᠷᠢᠭ ᠤᠨ ᠤᠷᠤᠯᠭ᠎ᠠ ᠤᠯᠵᠠᠢ᠃ ᠡᠭᠦᠨ ᠤ ᠲᠤᠲᠤᠷ᠎ᠠ ᠠᠴᠠ 6 ᠲᠦᠮᠡᠨ ᠲᠦᠭᠦᠷᠢᠭ ᠤᠨ ᠡᠪᠡᠰᠦ᠂ 4 ᠲᠦᠮᠡᠨ ᠲᠦᠭᠦᠷᠢᠭ ᠤᠨ ᠲᠡᠵᠢᠭᠡᠯ ᠪᠤᠷᠳᠤᠭ᠎ᠠ ᠠᠪᠤᠭᠰᠠᠨ ᠵᠠᠷᠤᠯᠭ᠎ᠠ ᠪᠠᠨ ᠭᠠᠷᠭᠠᠪᠠᠯ᠂ 20 ᠲᠦᠮᠡᠨ ᠲᠦᠭᠦᠷᠢᠭ ᠤᠨ ᠴᠡᠪᠡᠷ ᠤᠷᠤᠯᠭ᠎ᠠ ᠲᠠᠢ᠃ ︽ᠨᠢᠳᠦᠨᠦᠨ ᠡᠪᠤᠯ ᠴᠠᠰᠦ ᠶᠡᠭᠡᠲᠡᠢ ᠪᠤᠯᠬᠤᠷ ᠥᠭᠡᠷ ᠲᠡᠭᠡᠨ 5 ᠰᠠᠷ᠎ᠠ ᠲᠡᠵᠢᠭᠡᠯ ᠪᠤᠷᠲᠤᠭ᠎ᠠ ᠨᠥᠬᠦᠪᠤᠷᠢᠯᠡᠯ᠎ᠠ᠃ ᠡᠬᠦᠨ ᠳᠤ ᠨᠢᠭᠡ ᠦᠭᠡᠷ ᠡᠳᠦᠷ ᠲᠤ 10 ᠵᠢᠩ ᠡᠪᠡᠰᠦ᠂ 3 ᠵᠢᠩ ᠪᠤᠷᠳᠤᠭ᠎ᠠ ᠬᠡᠷᠡᠭᠰᠡᠵᠥ᠂ 110 ᠦᠭᠡᠷ ᠲᠤ ᠨᠡᠶᠢᠳᠡ 82.5 ᠲᠤᠨ ᠡᠪᠡᠰᠦ᠂ 24.75 ᠲᠤᠨ ᠪᠤᠷᠳᠤᠭ᠎ᠠ ᠭᠡᠷᠡᠭᠰᠡᠪᠡ᠃ ᠨᠢᠳᠦᠨᠦᠨ ᠮᠠᠨᠠᠶᠢᠬᠢᠨ ᠬᠠᠳᠤᠯᠠᠩ ᠠᠴᠠ ᠪᠠᠨ ᠵᠦᠪᠭᠡᠨ 30 ᠲᠤᠨ ᠡᠪᠡᠰᠦ ᠬᠠᠳᠤᠵᠦ ᠨᠦᠭᠡᠴᠡᠯᠡᠵᠥ᠂ ᠲᠡᠭᠡᠷ᠎ᠠ ᠨᠢ 55 ᠲᠤᠨ ᠡᠪᠡᠰᠦ ᠬᠤᠳᠠᠯᠳᠤᠨ ᠠᠪᠤᠭᠠᠳ ᠨᠡᠶᠢᠳᠡ 6 ᠲᠦᠮᠡᠨ ᠲᠦᠭᠦᠷᠢᠭ ᠵᠠᠷᠤᠴᠠᠭᠤᠯᠪᠠ᠃ ᠭᠡᠷᠪᠡ ᠪᠢ ᠬᠤᠨᠢ ᠮᠠᠯᠵᠢᠭᠰᠠᠨ ᠪᠤᠯ᠂ ᠨᠢᠭᠡ ᠬᠤᠷᠠᠭ᠎ᠠ ᠶᠢ 350 ᠲᠦᠭᠦᠷᠢᠭ ᠢᠶᠠᠷ ᠬᠤᠳᠠᠯᠳᠤᠵᠥ᠂ 857 ᠬᠤᠷᠠᠭ᠎ᠠ ᠬᠤᠳᠠᠯᠳᠤᠪᠠᠯ ᠰᠠᠶᠢ 30 ᠲᠦᠮᠡᠨ ᠲᠦᠭᠦᠷᠢᠭ ᠤᠨ ᠤᠷᠤᠯᠭ᠎ᠠ ᠤᠯᠵᠥ ᠲᠡᠶᠢᠯᠥᠨ᠎ᠠ᠂ ᠲᠡᠭᠡᠪᠡᠯ 900 ᠡᠭᠡ ᠮᠠᠯ ᠮᠠᠯᠵᠢᠬᠤ ᠴᠢᠬᠤᠯᠠᠳᠠᠢ ᠮᠦᠷᠳᠡᠭᠡᠨ ᠬᠤᠨᠢ ᠪᠦᠷᠢ ᠳᠤ ᠡᠳᠦᠷ ᠲᠤ 3 ᠵᠢᠩ ᠡᠪᠡᠰᠦ ᠦᠭᠭᠦ ᠪᠠᠷ ᠪᠤᠳᠤᠪᠠᠯ ᠨᠡᠶᠢᠳᠡ 202.5 ᠲᠤᠨ ᠡᠪᠡᠰᠦ ᠬᠡᠷᠡᠭᠰᠡᠨ᠎ᠠ᠃ ᠮᠠᠨᠠᠶᠢᠬᠢ ᠭᠦᠳᠡᠯᠮᠦᠷᠢ ᠭᠦᠴᠦ ᠴᠦᠭᠡᠨ ᠮᠦᠷᠳᠡᠭᠡᠨ ᠡᠯᠡᠰᠦᠷᠭᠡᠭ ᠨᠤᠲᠤᠭ ᠢᠶᠠᠷ ᠭᠤᠤᠯᠲᠠᠭᠰᠠᠨ ᠪᠤᠯᠬᠤᠷ ᠬᠠᠰᠢᠯᠠ ᠦᠭᠡᠷ ᠮᠠᠯᠵᠢᠬᠤ ᠨᠢ ᠢᠯᠡᠭᠦᠦ ᠲᠤᠬᠢᠷᠠᠮᠵᠢᠳᠠᠢ︾ ᠭᠡᠵᠦ ᠪᠠᠳᠤᠴᠢᠯᠠᠭᠤ ᠪᠢᠲᠠᠨ ᠳᠤ ᠤᠴᠢᠷᠯᠠᠯ᠎ᠠ᠃       ᠪᠠᠲᠤᠴᠢᠯᠠᠭᠤ ᠭᠤᠸᠠᠢ ᠢᠡᠭᠭᠢᠵᠥ ᠬᠠᠰᠢᠷ ᠲᠤᠷᠰᠢᠯᠭ᠎ᠠ ᠪᠠᠷ ᠢᠶᠠᠨ ᠰᠥᠷᠥᠭ ᠤᠨ ᠪᠥᠲᠥᠴᠡ ᠪᠠᠨ ᠲᠤᠬᠢᠷᠠᠭᠤᠯᠵᠥ᠂ ᠮᠠᠯᠵᠢᠯ ᠤᠨ ᠤᠷᠤᠯᠭ᠎ᠠ ᠪᠠᠨ ᠨᠡᠮᠡᠭᠲᠡᠬᠦᠯᠵᠥ ᠶᠠᠪᠤᠭ᠎ᠠ ᠠᠵᠢ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号