ᠠᠷᠭ᠎ᠠ ᠬᠡᠮᠵᠢᠶ᠎ᠠ ᠤᠯᠠᠮ ᠤᠨᠤᠪᠴᠢᠲᠠᠢ ᠪᠤᠯᠬᠤ ᠲᠤᠲᠤᠮ ᠠᠮᠵᠢᠯᠲᠠ ᠪᠥᠲᠥᠮᠵᠢ ᠲᠡᠲᠥᠢ ᠲᠤᠪᠤᠶᠢᠮ᠎ᠠ —  ᠲᠤᠯᠤᠨ ᠨᠤᠤᠷ ᠰᠢᠶᠠᠨ ᠤᠨᠢᠨ ᠳᠡᠭᠡᠷ᠎ᠡ ᠨᠢ ᠶᠠᠳᠠᠭᠤ ᠶᠢ ᠳᠡᠳᠭᠦᠬᠦ ᠠᠵᠢᠯ ᠢ ᠪᠦᠬᠦ ᠲᠠᠯ᠎ᠠ ᠪᠠᠷ ᠠᠬᠢᠭᠤᠯᠵᠦ ᠪᠠᠶᠢᠭ᠎ᠠ ᠪᠤᠳᠠᠲᠤ ᠲᠡᠮᠳᠡᠭᠯᠡᠯ
ᠨᠡᠶᠢᠲᠡᠯᠡᠭᠰᠡᠨ ᠴᠠᠭ᠄
2016/10/11
     ︽ᠠᠭᠤᠯᠠᠨ ᠠᠴᠠ ᠤᠢᠢᠷ᠎ᠠ ᠨᠢ ᠲᠥᠯᠡᠭᠡ ᠲᠡᠬᠦᠵᠥ᠂ ᠤᠰᠤᠨ ᠠᠴᠠ ᠤᠢᠢᠷ᠎ᠠ ᠨᠢ ᠵᠢᠭᠠᠰᠤ ᠬᠥᠬᠢᠲᠡᠨ᠎ᠠ︾ ᠬᠡᠲᠡᠭ ᠢᠶᠠᠷ ᠲᠤᠯᠤᠨ ᠨᠤᠤᠷ ᠰᠢᠶᠠᠨ ᠤ ᠰᠢ ᠭᠠᠨ ᠭᠸᠦ ᠰᠢᠶᠠᠩ ᠤᠨ ᠫᠢᠡᠭ ᠳ᠋ᠢᠶᠠᠨ ᠭᠸᠦ ᠲᠤᠰᠬᠤᠨ ᠪᠡᠭᠡᠵᠢᠩ ᠠᠴᠠ ᠤᠢᠢᠷ᠎ᠠ ᠲᠠᠪᠠᠭᠤᠯᠢᠭ ᠢᠶᠠᠨ ᠠᠰᠢᠭᠯᠠᠨ᠂ ᠠᠵᠤ ᠥᠢᠯᠡᠰ ᠢᠶᠠᠷ ᠶᠠᠲᠠᠭᠤ ᠶᠢ ᠲᠡᠳᠬᠦᠬᠦ ᠢᠲᠡᠰᠢᠨ ᠨᠤᠭᠤᠭᠠᠨ ᠤ ᠰᠠᠭᠤᠷᠢᠨ ᠪᠠᠶᠢᠭᠤᠯᠵᠥ᠂ ᠲᠠᠷᠢᠶᠠᠴᠢᠳ ᠤᠨ ᠢᠶᠠᠨ ᠤᠷᠤᠯᠭ᠎ᠠ ᠶᠢ ᠨᠡᠮᠡᠭᠲᠡᠬᠦᠯᠤᠨ᠎ᠠ᠃ ᠲᠤᠰ ᠲᠤᠰᠬᠤᠨ ᠤ 6 ᠰᠠᠭᠤᠷᠢ ᠢᠲᠡᠰᠢᠨ ᠨᠤᠭᠤᠭᠠᠨ ᠤ ᠰᠥᠯᠢᠶᠥᠥ ᠫᠸᠡᠭ ᠢ ᠲᠠᠩᠰᠠ ᠡᠪᠭᠡᠮᠡᠯ ᠲᠠᠢ 73 ᠶᠠᠲᠠᠭᠤ ᠡᠷᠥᠭᠡ ᠬᠤᠪᠢ ᠤᠷᠤᠬᠤ ᠬᠡᠯᠪᠡᠷᠢ ᠪᠠᠷ ᠪᠠᠶᠢᠭᠤᠯᠵᠥ᠂ ᠨᠢᠭᠡ ᠰᠠᠭᠤᠷᠢ ᠰᠥᠯᠢᠶᠥᠥ ᠫᠸᠡᠭ ᠪᠠᠶᠢᠭᠤᠯᠬᠤ ᠳᠤ 35000 ᠲᠥᠭᠦᠷᠢᠭ ᠬᠡᠷᠡᠭᠰᠡᠵᠥ᠂ ᠰᠢᠶᠠᠨ ᠤ ᠲᠠᠷᠢᠶᠠᠯᠠᠩ ᠮᠠᠯ ᠠᠵᠤ ᠠᠬᠤᠢ ᠶᠢᠨ ᠲᠤᠪᠴᠢᠶ᠎ᠠ ᠠᠴᠠ ᠰᠠᠭᠤᠷᠢ ᠪᠥᠷᠢ ᠳᠤ 18000 ᠲᠥᠭᠦᠷᠢᠭ ᠨᠥᠬᠦᠪᠤᠷᠢᠯᠡᠭᠰᠡᠨ ᠪᠠᠶᠢᠵᠠᠢ᠃       ᠡᠨᠡ ᠵᠢᠯ 61 ᠨᠠᠰᠤᠲᠠᠢ ᠲᠠᠷᠢᠶᠠᠴᠢᠨ ᠾᠸᠥ ᠶᠢᠩ ᠼᠠᠢ ᠨᠢᠭᠡ ᠵᠤᠨ ᠳᠠᠭᠠᠨ ᠰᠥᠯᠢᠶᠥᠥ ᠫᠸᠡᠭ ᠲᠤᠲᠤᠷᠠᠬᠢ ᠢᠲᠡᠰᠢᠨ ᠨᠤᠭᠤᠭ᠎ᠠ ᠶᠢ ᠤᠰᠤᠯᠠᠵᠥ ᠠᠷᠠᠴᠢᠯᠠᠬᠤ ᠠᠵᠢᠯ ᠳᠤ ᠶᠠᠭᠠᠷᠠᠭᠰᠠᠨ ᠴᠥ ᠡᠲᠥᠷ ᠪᠥᠷᠢ 100 ᠲᠥᠬᠦᠷᠢᠭ ᠤᠨ ᠬᠥᠯᠥᠰᠥ ᠤᠯᠭᠤᠮᠵᠢ ᠲᠠᠢ᠃ ᠡᠬᠦᠨ ᠢᠶᠠᠷ ᠪᠠᠷᠠᠬᠤ ᠥᠭᠡᠢ ᠵᠢᠯ ᠤᠨ ᠡᠴᠥᠰ ᠲᠤ ᠲᠤᠰᠬᠤᠨ ᠠᠴᠠ ᠬᠠᠮᠲᠤ ᠶᠢᠨ ᠠᠰᠢᠭ ᠤᠯᠵᠠᠪᠤᠷᠢ ᠪᠠᠨ ᠬᠤᠪᠢᠶᠠᠷᠢᠯᠠᠬᠤ ᠶᠢ ᠪᠤᠲᠤᠪᠠᠯ᠂ ᠡᠨᠡ ᠵᠢᠯ ᠴᠥ ᠶᠠᠲᠠᠭᠤ ᠠᠴᠠ ᠠᠩᠭᠢᠵᠢᠷᠠᠬᠤ ᠳᠤ ᠠᠰᠠᠭᠤᠲᠠᠯ ᠥᠭᠡᠢ ᠪᠤᠯᠵᠠᠢ᠃ ︽ᠡᠨᠡ ᠵᠢᠯ ᠶᠠᠲᠠᠭᠤ ᠮᠠᠯᠠᠭᠠᠢ ᠪᠠᠨ ᠠᠪᠤᠭᠠᠳ ᠬᠠᠶᠠᠴᠢᠬᠠᠪᠠᠯ ᠢᠷᠡᠬᠦ ᠵᠢᠯ ᠤᠨ ᠤᠷᠤᠯᠭ᠎ᠠ ᠲᠠᠬᠢᠨ ᠢᠶᠠᠷ ᠨᠡᠮᠡᠭᠲᠡᠬᠦ ᠪᠤᠯᠤᠨ᠎ᠠ ᠳ᠋ᠠ︾ ᠭᠡᠵᠥ ᠲᠡᠷᠡ ᠪᠠᠶᠠᠷᠲᠠᠶᠢᠬᠠᠨ ᠶᠠᠷᠢᠨ᠎ᠠ᠃       ᠶᠠᠲᠠᠭᠤ ᠶᠢ ᠲᠡᠳᠬᠦᠬᠦ ᠢᠲᠡᠰᠢᠨ ᠨᠤᠭᠤᠭ᠎ᠠ ᠲᠠᠷᠢᠬᠤ ᠠᠵᠤ ᠥᠢᠯᠡᠰ ᠤᠨ ᠬᠥᠭᠵᠢᠯᠲᠡ ᠶᠢᠨ ᠢᠷᠡᠭᠡᠲᠥᠢ ᠶᠢ ᠲᠥᠰᠥᠪᠯᠡᠭᠰᠡᠨ ᠲᠤᠰᠬᠤᠨ ᠤ ᠨᠠᠮ ᠤᠨ ᠡᠬᠦᠷ ᠤᠨ ᠱᠥᠵᠢ ᠨᠢᠥ ᠪᠤᠤ ᠾᠧ᠄ ︽ᠢᠷᠡᠬᠦ ᠵᠢᠯ ᠲᠠᠬᠢᠭᠠᠳ 20 ᠰᠠᠭᠤᠷᠢ ᠢᠲᠡᠰᠢᠨ ᠨᠤᠭᠤᠭᠠᠨ ᠤ ᠰᠥᠯᠢᠶᠥᠥ ᠫᠸᠡᠭ ᠪᠠᠶᠢᠭᠤᠯᠵᠥ᠂ ᠬᠥᠵᠡᠯᠵᠡᠭᠡᠨ᠎ᠠ᠂ ᠲᠠᠷᠪᠤᠰ ᠵᠡᠷᠭᠡ ᠵᠢᠮᠢᠰ ᠤᠨ ᠵᠥᠢᠯ ᠢ ᠨᠡᠮᠡᠨ ᠲᠠᠷᠢᠵᠥ᠂ ᠶᠠᠲᠠᠭᠤ ᠡᠷᠥᠭᠡ ᠶᠢᠨ ᠤᠷᠤᠯᠭ᠎ᠠ ᠶᠢ ᠬᠡᠲᠥᠨ ᠲᠠᠬᠢᠨ ᠢᠶᠠᠷ ᠨᠡᠮᠡᠭᠲᠡᠬᠦᠯᠥᠨ᠎ᠠ︾ ᠭᠡᠵᠥ ᠢᠲᠡᠭᠡᠯ ᠲᠡᠬᠦᠯᠲᠡᠷ ᠶᠠᠷᠢᠨ᠎ᠠ᠃       ᠡᠨᠡ ᠵᠢᠯ᠂ ᠲᠤᠯᠤᠨ ᠨᠤᠤᠷ ᠰᠢᠶᠠᠨ ᠤᠨᠢᠨ ᠲᠡᠭᠡᠷ᠎ᠠ ᠨᠢ ᠶᠠᠲᠠᠭᠤ ᠶᠢ ᠲᠡᠳᠬᠦᠬᠦ᠂ ᠤᠨᠤᠪᠴᠢᠲᠠᠢ ᠪᠠᠷ ᠶᠠᠲᠠᠭᠤ ᠠᠴᠠ ᠠᠩᠭᠢᠵᠢᠷᠠᠭᠤᠯᠬᠤ ᠱᠠᠭᠠᠷᠲᠠᠯᠭ᠎ᠠ ᠶᠤᠰᠤᠭᠠᠷ᠂ ︽ᠲᠠᠪᠤᠨ ᠨᠢᠭᠡ ᠪᠥᠯᠥᠭ︾ ᠢᠨᠵᠧᠨᠧᠷᠢᠩ ᠢ ᠬᠡᠷᠡᠭᠵᠢᠬᠦᠯᠵᠥ᠂ ︽ᠭᠤᠷᠪᠠ ᠶᠢ ᠭᠠᠴᠠᠭ᠎ᠠ ᠲᠤᠰᠬᠤᠨ ᠳᠤ ᠬᠥᠷᠭᠡᠵᠥ ᠭᠤᠷᠪᠠ ᠶᠢ ᠡᠷᠥᠭᠡ ᠳᠤ ᠬᠥᠷᠭᠡᠬᠦ︾᠂ ᠥᠢᠯᠡᠳᠪᠤᠷᠢᠯᠡᠯ ᠢ ᠬᠥᠭᠵᠢᠬᠦᠯᠬᠦ ᠳᠤ ᠲᠤᠬᠢᠷᠠᠮᠵᠢᠲᠠᠢ ᠭᠠᠵᠠᠷ ᠲᠤ ᠨᠡᠬᠦᠯᠭᠡᠬᠦ᠂ ᠮᠥᠡᠭᠭᠦᠨ ᠬᠥᠢᠯᠭᠡᠭᠡ ᠪᠠᠷ ᠶᠠᠲᠠᠭᠤ ᠶᠢ ᠲᠡᠳᠬᠦᠬᠦ᠂ ᠲᠤᠭᠲᠠᠭᠰᠠᠨ ᠴᠡᠭ ᠲᠤ ᠶᠠᠲᠠᠭᠤ ᠶᠢ ᠲᠡᠳᠬᠦᠬᠦ᠂ ᠨᠡᠶᠢᠭᠡᠮ ᠠᠴᠠ ᠶᠠᠲᠠᠭᠤ ᠶᠢ ᠲᠡᠳᠬᠦᠬᠦ ᠵᠡᠷᠭᠡ ᠠᠵᠢᠯ ᠤᠨ ᠡᠷᠴᠢᠮ ᠢᠶᠠᠨ ᠴᠢᠩᠭᠠᠷᠠᠭᠤᠯᠤᠭᠰᠠᠨ ᠢᠶᠠᠷ ᠤᠲᠤ ᠪᠥᠬᠦ ᠰᠢᠶᠠᠨ ᠤ ᠶᠠᠲᠠᠭᠤ ᠡᠷᠥᠭᠡ 2015 ᠤᠨ ᠤ ᠵᠢᠯ ᠤᠨ ᠡᠬᠢᠨ ᠳᠤ 2508 ᠪᠠᠶᠢᠭᠰᠠᠨ ᠠᠴᠠ 1766 ᠪᠤᠯᠵᠥ᠂ ᠶᠠᠲᠠᠭᠤ ᠬᠥᠴᠢᠷᠲᠡᠯᠲᠡᠢ ᠲᠤᠰᠬᠤᠨ ᠨᠢ 22 ᠪᠤᠯᠵᠥ ᠴᠥᠭᠡᠷᠡᠵᠡᠢ᠃       ᠲᠤᠯᠤᠨ ᠨᠤᠤᠷ ᠰᠢᠶᠠᠨ ︽ᠭᠤᠷᠪᠠ ᠶᠢ ᠭᠠᠴᠠᠭ᠎ᠠ ᠲᠤᠰᠬᠤᠨ ᠳᠤ ᠬᠥᠷᠭᠡᠵᠥ ᠭᠤᠷᠪᠠ ᠶᠢ ᠡᠷᠥᠭᠡ ᠳᠤ ᠬᠥᠷᠭᠡᠬᠦ ︾ ᠲᠥᠷᠥᠯ ᠵᠥᠢᠯ ᠢ ᠤᠷᠤᠭᠰᠢᠲᠠᠢ ᠬᠡᠷᠡᠭᠵᠢᠬᠦᠯᠵᠥ᠂ ᠲᠡᠭᠡᠷ᠎ᠠ ᠬᠠᠭᠠᠰ ᠵᠢᠯ ᠶᠠᠲᠠᠭᠤ ᠬᠥᠴᠢᠷᠲᠡᠯᠲᠡᠢ ᠡᠷᠥᠭᠡ ᠶᠢ ᠬᠠᠪᠰᠤᠷᠤᠨ 494 ᠥᠭᠡᠷ ᠬᠤᠲᠠᠯᠲᠤᠨ ᠠᠪᠴᠥ᠂ ᠪᠠᠷᠢᠮᠵᠢᠶᠠᠲᠤ ᠫᠸᠡᠭ ᠬᠤᠷᠤᠭ᠎ᠠ ᠶᠢ 259 ᠪᠠᠶᠢᠭᠤᠯᠵᠥ᠂ ᠬᠥᠯᠡᠮᠵᠢ 65 ᠰᠠᠭᠤᠷᠢ᠂ ᠰᠥᠯᠢᠶᠥᠥ ᠫᠸᠡᠭ 46 ᠰᠠᠭᠤᠷᠢ ᠪᠠᠶᠢᠭᠤᠯᠤᠭᠰᠠᠨ ᠪᠠ ᠡᠯ᠎ᠠ ᠵᠥᠢᠯ ᠤᠨ ᠲᠠᠷᠢᠶᠠᠯᠠᠩ ᠤᠨ ᠮᠠᠰᠢᠨ ᠪᠠᠭᠠᠵᠢ ᠶᠢ 18 ᠰᠠᠤᠷᠢ ᠬᠤᠳᠠᠯᠳᠤᠨ ᠠᠪᠴᠥ᠂ ᠲᠠᠩᠰᠠ ᠡᠪᠭᠡᠮᠡᠯ ᠲᠠᠢ 327 ᠶᠠᠲᠠᠭᠤ ᠡᠷᠥᠭᠡ ᠶᠢ ᠬᠠᠪᠰᠤᠷᠤᠨ ᠲᠡᠳᠬᠦᠭᠰᠡᠨ ᠪᠠᠶᠢᠨ᠎ᠠ᠃       ᠲᠤᠰ ᠰᠢᠶᠠᠨ ᠪᠠᠰᠠ ᠥᠢᠯᠡᠳᠪᠤᠷᠢᠯᠡᠯ ᠢ ᠬᠥᠭᠵᠢᠬᠦᠯᠬᠦ ᠳᠤ ᠲᠤᠬᠢᠷᠠᠮᠵᠢᠲᠠᠢ ᠭᠠᠵᠠᠷ ᠲᠤ ᠨᠡᠬᠦᠯᠭᠡᠬᠦ ᠲᠥᠷᠥᠯ ᠵᠥᠢᠯ ᠬᠡᠷᠡᠭᠵᠢᠬᠦᠯᠥᠭᠰᠡᠨ ᠤ ᠲᠠᠷᠠᠭ᠎ᠠ᠂ ᠲᠠᠷᠢᠶᠠᠴᠢᠳ ᠤᠨ ᠠᠮᠢᠲᠤᠷᠠᠯ ᠤᠨ ᠤᠷᠴᠢᠨ ᠲᠤᠭᠤᠷᠢᠨ ᠰᠠᠶᠢᠵᠢᠷᠠᠭᠰᠠᠨ ᠢᠶᠠᠷ ᠪᠠᠷᠠᠬᠤ ᠥᠭᠡᠢ ᠠᠵᠤ ᠥᠢᠯᠡᠰ ᠢ ᠬᠥᠭᠵᠢᠬᠦᠯᠬᠦ ᠳᠤ ᠴᠥ ᠠᠮᠢᠵᠢᠷᠠᠯ ᠤᠨ ᠬᠥᠴᠥᠨ ᠪᠢᠯᠬᠠᠮ᠎ᠠ ᠪᠤᠯᠵᠠᠢ᠃ ᠥᠢᠯᠡᠳᠪᠤᠷᠢᠯᠡᠯ ᠢ ᠬᠥᠭᠵᠢᠬᠦᠯᠬᠦ ᠳᠤ ᠲᠤᠬᠢᠷᠠᠮᠵᠢᠲᠠᠢ ᠭᠠᠵᠠᠷ ᠲᠤ ᠨᠡᠬᠦᠯᠭᠡᠵᠥ ᠶᠠᠲᠠᠭᠤ ᠠᠴᠠ ᠠᠩᠭᠢᠵᠢᠷᠠᠭᠤᠯᠬᠤ ᠡᠬᠦᠷᠭᠡ ᠶᠢ ᠴᠠᠭ ᠲᠤᠬᠠᠢ ᠳᠤᠨᠢ ᠡᠯ᠎ᠠ ᠰᠢᠶᠠᠩ ᠪᠠᠯᠭᠠᠰᠤ᠂ ᠲᠤᠰᠬᠤᠨ ᠳᠤ ᠨᠠᠶᠢᠲᠠᠪᠤᠷᠢᠵᠢᠭᠤᠯᠤᠭᠰᠠᠨ ᠢᠶᠠᠷ ᠤᠲᠤᠬᠠᠨ ᠪᠤᠯᠲᠠᠯ᠎ᠠ ᠪᠥᠬᠦ ᠰᠢᠶᠠᠨ ᠳᠤ 8 ᠲᠤᠰᠬᠤᠨ᠂ 63 ᠡᠷᠥᠭᠡ᠂ 135 ᠬᠥᠮᠥᠨ ᠢ ᠨᠡᠬᠦᠯᠭᠡᠬᠦ ᠢᠨᠵᠧᠨᠧᠷᠢᠩ ᠢ ᠨᠢᠭᠡᠨᠲᠡ ᠪᠠᠷᠢᠯᠭ᠎ᠠ ᠡᠬᠢᠯᠡᠬᠦᠯᠵᠥ᠂ ᠪᠤᠰᠤᠳ ᠲᠤᠰᠬᠤᠨ ᠨᠢ ᠴᠥ ᠶᠠᠭ ᠵᠤᠬᠢᠶᠠᠨ ᠪᠠᠶᠢᠭᠤᠯᠤᠨ ᠬᠡᠷᠡᠭᠵᠢᠬᠦᠯᠵᠥ ᠪᠤᠢ᠃       ᠰᠢᠨ᠎ᠠ ᠬᠠᠭᠤᠴᠢᠨ ᠬᠤᠶᠠᠷ ᠢᠤᠢ ᠵᠢᠶᠠ ᠢᠡᠭ ᠽᠢ ᠲᠤᠰᠬᠤᠨ ᠬᠡᠲᠦ᠋ᠢᠪᠡᠷ ᠵᠠᠮ ᠤᠨ ᠬᠤᠶᠠᠷ ᠲᠠᠯ᠎ᠠ ᠳᠤ ᠪᠠᠶᠢᠷᠢᠯᠠᠭᠰᠠᠨ ᠴᠥ ᠬᠤᠭᠤᠷᠤᠨᠲᠤ ᠪᠠᠨ ᠲᠡᠭᠷᠢ ᠭᠠᠵᠠᠷ ᠤᠨ ᠵᠥᠷᠢᠶ᠎ᠠ ᠲᠠᠢ᠃ ᠬᠤᠶᠠᠷ ᠵᠢᠯ ᠤᠨ ᠲᠤᠷᠰᠢ ᠲᠤᠰ ᠲᠤᠰᠬᠤᠨ ︽ᠠᠷᠪᠠ ᠶᠢ ᠪᠥᠷᠬᠦᠬᠦᠯᠬᠦ︾ ᠪᠤᠯᠤᠨ ᠶᠠᠲᠠᠭᠤ ᠶᠢ ᠲᠡᠳᠬᠦᠬᠦ ᠲᠥᠷᠥᠯ ᠵᠥᠢᠯ ᠤᠨ ᠪᠡᠯᠡ ᠮᠥᠡᠭᠭᠦ ᠶᠢ ᠠᠰᠢᠭᠯᠠᠨ᠂ ᠰᠢᠪᠠᠷ ᠱᠠᠯᠴᠢᠭ ᠢᠶᠠᠷ ᠲᠥᠭᠦᠷᠥᠭᠰᠡᠨ ᠬᠠᠭᠤᠴᠢᠨ ᠲᠤᠰᠬᠤᠨ ᠢᠶᠠᠨ ᠤᠲᠤ ᠶᠢᠨ ᠡᠮᠬᠢ ᠴᠡᠭᠴᠡ ᠲᠠᠢ᠂ ᠬᠥᠭᠵᠢᠯ ᠪᠢᠯᠬᠠᠭᠰᠠᠨ ᠰᠢᠨ᠎ᠠ ᠲᠤᠰᠬᠤᠨ ᠪᠤᠯᠭᠠᠨ ᠬᠤᠪᠢᠷᠠᠭᠤᠯᠵᠠᠢ᠃ ᠬᠠᠭᠤᠴᠢᠨ ᠲᠤᠰᠬᠤᠨ ᠨᠢ ᠠᠭᠤᠯᠠᠨ ᠪᠠᠯ ᠲᠤᠤᠷᠠᠬᠢ ᠬᠤᠲᠤᠭᠤᠷ ᠭᠠᠵᠠᠷ ᠪᠠᠶᠢᠷᠢᠯᠠᠵᠥ᠂ ᠵᠠᠮ ᠬᠠᠷᠢᠯᠴᠠᠭᠠᠨ ᠤ ᠨᠥᠬᠦᠴᠠᠯ ᠠᠨᠠᠢ᠂ ᠬᠠᠭᠤᠴᠢᠨ ᠭᠡᠷ ᠪᠠᠶᠢᠰᠢᠩ ᠤᠯᠠᠨ᠂ ᠤᠷᠴᠢᠨ ᠲᠤᠭᠤᠷᠢᠨ ᠡᠮᠬᠢ ᠲᠢᠭᠯᠢᠮ ᠥᠭᠡᠢ᠂ ᠰᠢᠪᠠᠷ ᠰᠢᠷᠥᠢ ᠶᠢᠨ ᠬᠡᠷᠡᠮ᠂ ᠮᠤᠲᠤᠨ ᠫᠸᠡᠭ ᠬᠤᠷᠤᠭ᠎ᠠ ᠨᠢ ᠴᠥ ᠬᠠᠭᠤᠴᠢᠷᠠᠵᠥ ᠡᠪᠲᠡᠷᠡᠵᠡᠢ᠃ ︽ᠵᠤᠨ ᠪᠤᠷᠤᠭᠠᠨ ᠶᠡᠬᠡᠲᠠᠢ ᠪᠤᠯ ᠪᠥᠬᠦ᠋ᠢᠯᠡ ᠲᠤᠰᠬᠤᠨ ᠰᠢᠪᠠᠷ ᠱᠠᠯᠴᠢᠭ ᠢᠶᠠᠷ ᠲᠥᠭᠦᠷᠴᠥ᠂ ᠡᠪᠤᠯ ᠴᠠᠰᠤ ᠶᠡᠬᠡᠲᠡᠢ ᠪᠤᠯ ᠶᠠᠪᠤᠵᠥ ᠰᠠᠭᠤᠬᠤ ᠳᠤ ᠲᠥᠪᠡᠭᠲᠡᠨ᠎ᠠ᠃ ᠡᠶᠢᠮᠥ ᠪᠤᠯᠬᠤᠷ ᠪᠥᠬᠦᠲᠡᠭᠡᠷ ᠡᠷᠲᠡ ᠡᠲᠥᠷ ᠠᠲᠡ ᠠᠴᠠ ᠨᠡᠬᠦᠵᠥ ᠭᠠᠷᠬᠤ ᠶᠢ ᠪᠤᠲᠤᠵᠥ ᠪᠠᠶᠢᠭᠰᠠᠨ︾ ᠭᠡᠵᠥ ᠲᠤᠰ ᠲᠤᠰᠬᠤᠨ ᠤ ᠠᠷᠠᠳ ᠰᠤᠷᠪᠤᠯᠵᠢᠯᠠᠬᠴᠢ ᠳᠤ ᠶᠠᠷᠢᠵᠠᠭᠠᠨ᠎ᠠ᠃ ᠤᠲᠤ 23 ᠡᠷᠥᠭᠡ ᠶᠢᠨ ᠰᠢᠨ᠎ᠠ ᠪᠠᠷ ᠪᠠᠶᠢᠭᠤᠯᠤᠭᠰᠠᠨ ᠤᠷᠤᠨ ᠰᠠᠭᠤᠴᠠ᠂ 15 ᠡᠷᠥᠭᠡ ᠶᠢᠨ ᠰᠢᠨ᠎ᠠ ᠪᠠᠷ ᠪᠠᠶᠢᠭᠤᠯᠤᠭᠰᠠᠨ ᠥᠭᠡᠷ ᠤᠨ ᠫᠸᠡᠭ ᠲᠡᠷᠢ ᠲᠡᠭᠰᠢ ᠵᠢᠭᠲᠡᠷᠡᠵᠥ᠂ 2000 ᠬᠠᠪᠲᠠᠭᠠᠢ ᠲᠥᠷᠪᠡᠯᠵᠢᠨ ᠮᠧᠲᠷ ᠰᠤᠶᠤᠯ ᠤᠨ ᠠᠭᠤᠲᠠᠮ ᠲᠠᠯᠠᠪᠠᠢ ᠳᠤ ᠡᠯ᠎ᠠ ᠵᠥᠢᠯ ᠤᠨ ᠪᠡᠶ᠎ᠠ ᠴᠢᠬᠢᠷᠠᠭᠵᠢᠭᠤᠯᠬᠤ ᠲᠥᠭᠦᠭᠡᠷᠥᠮᠵᠢ ᠤᠭᠰᠠᠷᠠᠵᠥ᠂ ᠥᠢᠯᠡᠳᠪᠤᠷᠢᠯᠡᠯ ᠠᠮᠢᠲᠤᠷᠠᠯ ᠤᠨ ᠲᠤᠭᠤᠷᠢᠭ ᠢ ᠲᠤᠰᠠᠭᠠᠷᠯᠠᠭᠰᠠᠨ ᠢᠶᠠᠷ ᠥᠡᠭᠭᠡᠷᠡᠭᠰᠡᠨ ᠲᠠᠢ ᠬᠠᠷᠢᠴᠠᠭᠤᠯᠪᠠᠯ ᠥᠨᠡᠭᠡᠷ ᠥᠰᠥᠳ ᠤᠨᠲᠤᠤ ᠪᠤᠯᠵᠥ ᠰᠢᠨᠡᠳᠴᠡᠢ᠃       ᠲᠤᠰ ᠰᠢᠶᠠᠨ ᠪᠠᠰᠠ ︽ᠡᠪᠡᠳᠴᠢᠨ ᠠᠴᠠ ᠪᠤᠯᠵᠥ ᠶᠠᠲᠠᠭᠤᠷᠠᠬᠤ᠂ ᠡᠪᠡᠳᠴᠢᠨ ᠠᠴᠠ ᠪᠤᠯᠵᠥ ᠲᠠᠬᠢᠭᠠᠳ ᠶᠠᠲᠠᠭᠤᠷᠠᠬᠤ︾ ᠥᠵᠡᠭᠲᠡᠯ ᠢ ᠬᠤᠷᠢᠭᠯᠠᠬᠤ ᠶᠢᠨ ᠲᠥᠯᠥᠭᠡ᠂ 4 ᠳ᠋ᠤᠭᠡᠷ ᠰᠠᠷ᠎ᠠ ᠶᠢᠨ 1 ᠤ ᠡᠲᠥᠷ ᠠᠴᠠ ᠡᠬᠢᠯᠡᠨ ᠲᠠᠷᠢᠶᠠᠯᠠᠬᠤ ᠤᠷᠤᠨ ᠤ ᠶᠠᠲᠠᠭᠤ ᠬᠥᠴᠢᠷᠲᠡᠯᠲᠡᠢ ᠡᠷᠥᠭᠡ ᠶᠢᠨ ᠡᠪᠡᠳᠴᠢᠲᠠᠳ ᠲᠤ ᠬᠢᠲᠠᠳ ᠡᠮ ᠡᠮᠨᠡᠯᠭᠡ ᠪᠠᠷ ᠡᠮᠨᠡᠬᠦᠯᠬᠦ ᠳᠤ ᠲᠤᠰᠠᠯᠠᠮᠵᠢ ᠥᠵᠡᠬᠦᠯᠵᠥ᠂ ᠰᠠᠷ᠎ᠠ ᠪᠥᠷᠢ ᠶᠢᠨ ᠰᠡᠬᠦᠯᠴᠢ ᠪᠠᠷ ᠡᠮ ᠤᠨ ᠰᠥᠢᠳᠭᠡᠯ ᠨᠥᠬᠦᠪᠤᠷᠢᠯᠡᠵᠥ᠂ ᠡᠪᠡᠳᠴᠢᠨ ᠥᠵᠡᠬᠦᠯᠬᠦ ᠳᠤ ᠬᠥᠴᠢᠷᠲᠡᠢ ᠠᠰᠠᠭᠤᠲᠠᠯ ᠢ ᠰᠢᠢᠳᠪᠤᠷᠢᠯᠡᠵᠥ ᠪᠠᠶᠢᠨ᠎ᠠ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号