ᠰᠢᠯᠤᠭᠤᠨ ᠬᠦᠪᠡᠭᠡᠳᠦ ᠴᠠᠭᠠᠨ ᠬᠤᠰᠢᠭᠤᠨ ᠤ ᠪᠤᠯᠠᠭᠠᠨᠳᠤᠬᠤᠢ ᠰᠤᠮᠤ ᠶᠢᠨ ᠵᠤᠯᠥ ᠭᠠᠴᠠᠭᠠᠨ ᠤ ᠮᠠᠯᠴᠢᠨ | ᠸᠧᠨ ᠶᠦᠨ ᠰᠢ ᠢᠪᠴᠤᠤ ᠭᠠᠨᠭ᠍ᠳᠠᠮᠠᠯ ᠨᠤᠳᠤᠭ ᠲᠠᠭᠠᠨ ᠮᠠᠯ ᠮᠠᠯᠵᠢᠵᠦ ᠤᠷᠤᠯᠭ᠎ᠠ ᠪᠠᠨ ᠨᠡᠮᠡᠭᠳᠡᠬᠦᠯᠬᠦ ᠠᠷᠭ᠎ᠠ ᠵᠠᠮ ᠢ | ᠢᠳᠡᠪᠬᠢᠳᠡᠢ ᠰᠦᠪᠡᠭᠴᠢᠯᠡᠵᠦ᠂ ᠨᠤᠭᠤᠭᠠᠨ ᠲᠠᠷᠤᠰᠢ ᠲᠠᠷᠢᠵᠦ ᠡᠪᠡᠰᠦ ᠲᠤᠳᠠᠭᠳᠠᠬᠤ ᠠᠰᠠᠭᠤᠳᠠᠯ ᠢᠶᠠᠨ | ᠰᠢᠢᠳᠪᠦᠷᠢᠯᠡᠬᠦ᠂ ᠡᠬᠦᠯᠳᠡᠷ ᠰᠠᠶᠢᠵᠢᠷᠠᠭᠤᠯᠤᠯᠳᠠ ᠪᠠᠷ ᠴᠦᠭᠡᠨ ᠮᠠᠯ ᠮᠠᠯᠵᠢᠵᠦ ᠠᠰᠢᠭ ᠤᠯᠬᠤ ᠵᠡᠷᠭᠡ ᠵᠠᠮ ᠢᠶᠠᠷ | ᠤᠷᠤᠯᠭ᠎ᠠ ᠪᠠᠨ ᠨᠡᠮᠡᠭᠳᠡᠬᠦᠯᠵᠦ᠂ ᠦᠷᠭᠡᠨ ᠤᠯᠠᠨ ᠳᠠᠭᠠᠨ ᠵᠢᠱᠢᠶ᠎ᠠ ᠲᠠᠭᠤᠷᠢᠶᠠᠯ ᠪᠤᠯᠵᠦ ᠶᠠᠪᠤᠨ᠎ᠠ᠃ | ᠬᠠᠷᠠᠬᠠᠨ ᠪᠠᠭ᠎ᠠ ᠠᠴᠠ ᠪᠠᠨ ᠬᠠᠮᠳᠦ ᠶᠢᠨ ᠠᠳᠤᠭᠤ ᠮᠠᠯ ᠢ ᠬᠠᠷᠢᠭᠤᠯᠵᠦ᠂ ᠬᠠᠯᠠ ᠬᠦᠴᠢᠷ ᠢ ᠲᠤᠭᠤᠯᠵᠦ | ᠢᠷᠡᠭᠰᠡᠨ ᠸᠧᠨ ᠶᠦᠨ ᠰᠢ ᠬᠤᠷᠢᠭᠠᠳ ᠵᠢᠯ ᠤᠨ ᠡᠮᠥᠨ᠎ᠡ 21 ᠮᠠᠯ ︵ᠪᠤᠳᠠ ᠮᠠᠯ 1᠂ ᠪᠤᠭ ᠮᠠᠯ 20︶ ᠲᠠᠢ | ᠠᠶᠢᠯ ᠡᠷᠦᠬᠡ ᠪᠤᠰᠬᠠᠭᠰᠠᠨ ᠪᠢᠯᠡ᠃ ᠲᠡᠷᠡ ᠮᠠᠯ ᠴᠦᠬᠡᠨ ᠳᠡᠭᠡᠨ ᠰᠠᠨᠠᠭ᠎ᠠ ᠵᠤᠪᠠᠭᠰᠠᠨ ᠦᠬᠡᠢ᠂ ᠬᠠᠷᠢᠨ ᠢᠪᠴᠤᠤ | ᠭᠠᠨᠭ᠍ᠳᠠᠮᠠᠯ ᠨᠤᠳᠤᠭ ᠲᠠᠭᠠᠨ ᠮᠠᠯ ᠰᠦᠷᠥᠭ ᠢ ᠬᠡᠷᠬᠢᠨ ᠵᠤᠬᠢᠴᠠᠭᠤᠯᠵᠦ᠂ ᠶᠠᠮᠠᠷ ᠰᠢᠤᠬᠠᠨ ᠠᠷᠭ᠎ᠠ ᠪᠠᠷ ᠮᠠᠯᠵᠢᠬᠤ | ᠲᠤᠬᠠᠢ ᠪᠤᠳᠤᠯᠭᠠᠰᠢᠷᠠᠵᠠᠢ᠃ ᠢᠡᠭᠭᠢᠭᠡᠳ ᠲᠡᠷᠡ ᠪᠠᠭ᠎ᠠ ᠠᠴᠠ ᠨᠢ ᠶᠡᠬᠡᠰᠬᠡᠵᠦ᠂ ᠪᠠᠭᠤᠷᠡᠢ ᠠᠴᠠ ᠬᠦᠴᠥᠷᠬᠡᠭᠵᠢᠬᠦᠯᠬᠦ | ᠵᠦᠭ ᠵᠤᠷᠢᠵᠦ᠂ ᠠᠷᠢᠭᠤᠨ ᠬᠦᠳᠡᠯᠮᠥᠷᠢ ᠠᠵᠢᠯᠴᠢ ᠬᠤᠶᠠᠷ ᠭᠠᠷ ᠲᠠᠭᠠᠨ ᠲᠦᠰᠢᠭᠯᠡᠨ᠂ ᠡᠪᠡᠰᠦ ᠬᠤᠯᠤᠰᠦ | ᠬᠠᠳᠤᠬᠤ ᠠᠴᠠ ᠡᠬᠢᠯᠡᠨ ᠬᠦᠷᠢᠶ᠎ᠡ ᠬᠠᠰᠢᠶ᠎ᠠ ᠪᠠᠷᠢᠬᠤ ᠳᠤ ᠬᠦᠷᠳᠡᠯ᠎ᠠ ᠬᠦᠴᠦ ᠬᠦᠯᠥᠰᠦ ᠪᠠᠨ ᠤᠷᠤᠰᠬᠠᠵᠦ ᠰᠢᠷᠭᠠᠭᠤ | ᠠᠵᠢᠯᠯᠠᠭᠰᠠᠨ ᠢᠶᠠᠷ ᠬᠡᠳᠥᠨ ᠵᠢᠯ ᠤᠨ ᠲᠤᠳᠤᠷ᠎ᠠ ᠤᠢᠢᠯᠡᠳᠪᠤᠷᠢᠯᠠᠯ ᠠᠮᠢᠳᠤᠷᠠᠯ ᠤᠨ ᠰᠠᠭᠤᠷᠢ ᠪᠡᠯᠡᠳᠬᠡᠯ ᠢᠶᠠᠨ | ᠨᠡᠯᠢᠶᠡᠳ ᠰᠠᠶᠢᠵᠢᠷᠠᠭᠤᠯᠪᠠ᠃ 2000 ᠤᠨ ᠳᠤ ᠲᠠᠴᠢᠷᠰᠢᠨ ᠬᠠᠯᠴᠠᠭᠠᠶᠢᠷᠠᠭᠰᠠᠨ ᠪᠡᠯᠴᠢᠬᠡᠷ ᠲᠡᠭᠡᠨ 200 ᠮᠦ | ᠡᠪᠡᠰᠥᠨ ᠬᠦᠷᠢᠶ᠎ᠡ ᠲᠠᠳᠠᠵᠦ᠂ ᠨᠢᠬᠡ ᠬᠡᠰᠡᠭ ᠤᠷᠭᠤᠮᠠᠯ ᠤᠨ ᠪᠦᠷᠬᠦᠴᠡ ᠶᠢ ᠬᠠᠮᠠᠭᠠᠯᠠᠬᠤ ᠶᠢᠨ ᠬᠠᠮᠳᠦ ᠪᠠᠰᠠ ᠨᠢᠬᠡ | ᠪᠦᠯᠥᠭ ᠪᠡᠯᠡ ᠵᠠᠷᠤᠴᠠᠭᠤᠯᠵᠦ᠂ ᠲᠤᠤᠷᠴᠢᠯᠠᠭᠰᠠᠨ ᠬᠦᠷᠢᠶ᠎ᠡ ᠲᠠᠳᠠᠵᠦ᠂ ᠤᠯᠠᠨ ᠨᠠᠰᠤᠳᠦ ᠤᠷᠭᠤᠮᠠᠯ᠂ ᠨᠤᠭᠤᠭᠠᠨ | ᠲᠠᠷᠤᠰᠢ ᠲᠠᠷᠢᠵᠦ᠂ ᠮᠠᠯ ᠮᠠᠯᠵᠢᠬᠤ ᠶᠢᠨ ᠵᠡᠷᠭᠡᠪᠡᠷ ᠲᠠᠷᠢᠵᠦ ᠤᠷᠭᠤᠭᠤᠯᠬᠤ ᠶᠢ ᠡᠷᠬᠢᠮᠯᠡᠭᠰᠡᠨ ᠢᠶᠠᠷ ᠵᠢᠯ ᠪᠤᠯᠭᠠᠨ | ᠡᠪᠡᠰᠦ ᠪᠤᠷᠳᠤᠭ᠎ᠠ ᠡᠯᠪᠡᠭ ᠬᠤᠷᠢᠶᠠᠨ ᠨᠦᠬᠡᠴᠡᠯᠡᠵᠦ᠂ ᠡᠪᠥᠯᠵᠢᠬᠦᠯᠬᠦ ᠮᠠᠯ ᠪᠦᠷᠢ ᠳᠡᠭᠡᠨ 5 ᠺᠢᠯᠥᠭᠷᠠᠮ ᠨᠤᠭᠳᠠᠭᠤᠯᠵᠦ | ᠂ ᠮᠠᠯ ᠢᠶᠠᠨ ᠮᠡᠨᠳᠦ ᠤᠨᠳᠤᠷᠤᠭᠤᠯᠬᠤ ᠰᠠᠭᠤᠷᠢ ᠶᠢ ᠲᠠᠯᠪᠢᠵᠦ ᠴᠢᠳᠠᠭᠰᠠᠨ ᠪᠠᠶᠢᠨ᠎ᠠ᠃ | ᠲᠡᠷᠡ ᠬᠤᠨᠢ ᠮᠠᠯ ᠢᠶᠠᠨ ᠬᠠᠷᠠᠬᠤ ᠨᠢᠳᠥᠨ ᠤ ᠪᠠᠨ ᠴᠡᠴᠡᠬᠡᠢ ᠮᠡᠳᠦ ᠬᠠᠶᠢᠷᠠᠯᠠᠵᠦ᠂ ᠮᠠᠯ ᠤᠨ ᠶᠠᠰᠦ ᠴᠢᠨᠠᠷ ᠢ | ᠤᠨᠴᠠ ᠴᠢᠬᠤᠯᠠᠴᠢᠯᠠᠵᠦ᠂ ᠮᠠᠯ ᠤᠨ ᠶᠠᠰᠦ ᠴᠢᠨᠠᠷ ᠦᠷ᠎ᠡ ᠠᠰᠢᠭ ᠢ ᠲᠡᠬᠡᠭᠰᠢᠯᠡᠬᠦᠯᠬᠦ ᠲᠡᠬᠡᠷ᠎ᠡ ᠤᠶᠤᠨ ᠤᠬᠠᠭᠠᠨ | ᠬᠦᠴᠦ ᠬᠦᠳᠡᠯᠮᠥᠷᠢ ᠵᠠᠷᠤᠴᠠᠭᠤᠯᠵᠠᠢ᠃ ᠬᠤᠨᠢ ᠪᠠᠨ ᠴᠢᠨᠠᠷ ᠰᠠᠶᠢᠳᠠᠢ ᠡᠬᠦᠯᠳᠡᠷ ᠤᠨ ᠬᠤᠴᠠ ᠲᠠᠯᠪᠢᠬᠤ ᠪᠠ | ᠵᠤᠬᠢᠶᠠᠮᠠᠯ ᠬᠡᠬᠡᠯᠳᠥᠬᠦᠯᠬᠡ ᠬᠢᠬᠦ ᠪᠠᠷ ᠡᠬᠦᠯᠳᠡᠷ ᠰᠠᠶᠢᠵᠢᠷᠠᠭᠤᠯᠤᠨ᠂ ᠵᠤᠬᠢᠬᠤ ᠬᠤᠭᠤᠴᠠᠭᠠᠨ ᠳᠤ ᠨᠢᠬᠡ ᠤᠳᠠᠭ᠎ᠠ | ᠡᠬᠦᠯᠳᠡᠷ ᠰᠤᠯᠢᠬᠤ ᠠᠷᠭ᠎ᠠ ᠠᠪᠤᠭᠰᠠᠨ ᠠᠴᠠ ᠲᠡᠳᠡᠨᠡᠶᠢᠬᠢᠨ ᠬᠤᠨᠢ ᠪᠠᠨ ᠪᠦᠬᠦᠨ ᠢ ᠡᠬᠦᠯᠳᠡᠷ ᠰᠠᠶᠢᠵᠢᠷᠠᠭᠤᠯᠵᠦ | ᠴᠢᠳᠠᠭᠰᠠᠨ ᠪᠠᠶᠢᠨ᠎ᠠ᠃ ᠡᠬᠦᠨ ᠤ ᠰᠠᠭᠤᠷᠢᠨ ᠲᠡᠬᠡᠷ᠎ᠡ ᠡᠬᠡ ᠮᠠᠯ ᠢᠶᠠᠨ ᠰᠠᠶᠢᠳᠤᠷ ᠬᠠᠮᠠᠭᠠᠯᠡᠠ᠂ ᠡᠷᠳᠡ ᠶᠢᠨ ᠲᠦᠯ | ᠲᠤᠰᠴᠦ᠂ ᠮᠠᠯ ᠤᠨ ᠵᠠᠷᠤᠴᠠᠭᠤᠯᠤᠯᠳᠠ ᠶᠢᠨ ᠨᠤᠷᠮ᠎ᠠ ᠶᠢ ᠲᠡᠬᠡᠭᠰᠢᠯᠡᠬᠦᠯᠥᠭᠰᠡᠨ ᠠᠴᠠ ᠤᠳᠤ ᠡᠪᠤᠯᠵᠢᠵᠦ ᠬᠠᠪᠤᠷᠵᠢᠬᠤ | ᠮᠠᠯ ᠳᠠᠬᠢ ᠡᠬᠡ ᠮᠠᠯ ᠤᠨ ᠬᠠᠷᠢᠴᠠᠯ ᠨᠢ 90% ᠳᠤ ᠬᠦᠷᠥᠬᠡᠳ ᠪᠡᠯᠴᠢᠬᠡᠷ ᠤᠨ ᠲᠠᠷᠤᠭᠠᠰᠦ ᠶᠢ ᠬᠦᠡᠭᠬᠡᠯᠡᠵᠦ᠂ ᠠᠶᠢᠯ | ᠬᠡᠷ ᠤᠨ ᠢᠶᠠᠨ ᠠᠰᠢᠭ ᠤᠷᠤᠯᠭ᠎ᠠ ᠶᠢ ᠨᠡᠮᠡᠭᠳᠡᠬᠦᠯᠵᠦ ᠴᠢᠳᠠᠭᠰᠠᠨ ᠪᠠᠶᠢᠨ᠎ᠠ᠃ | ᠡᠷᠬᠢᠬᠦ ᠲᠦᠷᠪᠡᠨ ᠤᠯᠠᠷᠢᠯ ᠳᠤ ᠮᠠᠯ ᠤᠨ ᠵᠠᠬ᠎ᠠ ᠠᠴᠠ ᠬᠤᠯᠠᠳᠠᠯ ᠦᠬᠡᠢ ᠡᠷᠳᠡᠯᠡᠵᠦ ᠤᠷᠦ᠋ᠢᠯᠠᠨ | ᠬᠦᠳᠡᠯᠮᠥᠷᠢ ᠶᠢᠨ ᠬᠦᠨᠳᠦ ᠶᠢ ᠡᠬᠦᠷᠬᠡᠯᠡᠭᠰᠡᠨ ᠸᠧᠨ ᠶᠦᠨ ᠰᠢ ᠠᠬᠠᠮᠠᠳ ᠲᠤᠮᠤᠭᠠᠳᠠᠳ ᠠᠴᠠ ᠮᠠᠯᠵᠢᠬᠤ ᠠᠷᠭ᠎ᠠ | ᠲᠤᠷᠰᠢᠯᠭ᠎ᠠ ᠰᠤᠷᠴᠦ᠂ ᠠᠮᠢᠳᠤᠷᠠᠯ ᠲᠦᠪᠬᠢᠨᠡᠬᠦᠯᠬᠦ ᠤᠷ᠎ᠠ ᠤᠬᠠᠭᠠᠨ ᠰᠦᠢᠵᠦ᠂ ᠮᠠᠯ ᠰᠦᠷᠥᠭ ᠢᠶᠠᠨ ᠲᠤᠬᠢᠳᠠᠢ | ᠰᠠᠶᠢᠬᠠᠨ ᠠᠷᠠᠴᠢᠯᠠᠨ ᠮᠠᠯᠵᠢᠵᠦ᠂ ᠬᠡᠮ ᠬᠢᠵᠢᠭ ᠢ ᠴᠠᠭ ᠲᠤᠬᠠᠢ ᠳᠤᠨᠢ ᠰᠡᠷᠬᠡᠶᠢᠯᠡᠵᠦ᠂ ᠤᠬᠢᠶᠠᠯᠳᠠ ᠴᠢᠳᠬᠤᠯᠳᠠ ᠶᠢ | ᠤᠯᠠᠷᠢᠯ ᠰᠠᠷ᠎ᠠ ᠳᠤᠨᠢ ᠬᠦᠢᠴᠡᠳᠬᠡᠵᠦ᠂ ᠲᠦᠯ ᠤᠨ ᠪᠤᠶᠢᠵᠢᠯᠳᠠ 97% - 100% ᠪᠠᠶᠢᠬᠤ ᠶᠢ ᠪᠠᠳᠤᠯᠠᠵᠦ᠂ | ᠮᠠᠯ ᠢᠶᠠᠨ ᠦᠨᠢᠷ ᠥᠰᠬᠡᠨ᠂ ᠴᠢᠨᠠᠷ ᠰᠠᠶᠢᠳᠠᠢ᠂ ᠦᠨᠳᠥᠷ ᠭᠠᠷᠤᠯᠳᠠ ᠲᠠᠢ᠂ ᠦᠷ᠎ᠡ ᠠᠰᠢᠭ ᠶᠡᠬᠡᠳᠠᠢ ᠮᠠᠯ ᠠᠵᠦ | ᠠᠬᠤᠢ ᠶᠢᠨ ᠡᠵᠡᠩᠨᠡᠯᠳᠡ ᠶᠢᠨ ᠵᠠᠮ ᠢᠶᠠᠷ ᠰᠡᠩᠬᠢ ᠲᠠᠳᠠᠭᠤᠯᠤᠨ ᠤᠷᠤᠭᠰᠢᠯᠠᠬᠤ ᠪᠤᠯᠪᠠ᠃ | ᠤᠳᠤ ᠸᠧᠨ ᠶᠦᠨ ᠰᠢ ᠶᠢᠨ ᠬᠢᠨ ᠤ ᠡᠭᠡ ᠮᠠᠯ ᠨᠢ 200 ᠳᠤ ᠲᠤᠭᠳᠠᠪᠤᠷᠢᠵᠢᠵᠦ᠂ ᠵᠢᠯ ᠤᠨ ᠬᠦᠮᠥᠨ | ᠲᠤᠮᠳᠠᠴᠢ ᠤᠷᠤᠯᠭ᠎ᠠ 1.2 ᠲᠦᠮᠡᠨ ᠲᠦᠬᠦᠷᠢᠭ ᠲᠤ ᠬᠦᠷᠴᠦ᠂ ᠰᠢᠷᠭᠠᠭᠤ ᠬᠦᠳᠡᠯᠮᠥᠷᠢ ᠶᠢᠨ ᠦᠷ᠎ᠡ ᠪᠦᠳᠥᠬᠡᠯ ᠢᠶᠠᠷ | ᠰᠠᠷᠠᠭᠤᠯ ᠲᠤᠬᠢᠯᠢᠭ ᠤᠷᠤᠨ ᠰᠠᠭᠤᠴᠠ ᠳᠠᠭᠠᠨ ᠰᠢᠨ᠎ᠡ ᠴᠠᠭ ᠤᠨ ᠡᠳ᠋ᠯᠡᠯ ᠬᠡᠷᠡᠭᠰᠡᠯ ᠢ ᠪᠦᠷᠢᠨᠰᠢᠬᠦᠯᠵᠦ᠂ ᠮᠠᠯ ᠠᠵᠦ | ᠠᠬᠤᠢ ᠶᠢᠨ ᠦᠢᠯᠡᠳᠪᠤᠷᠢᠯᠡᠯ ᠳᠡᠭᠡᠨ ᠬᠡᠷᠡᠭᠯᠡᠬᠦ ᠮᠠᠰᠢᠨ ᠲᠤᠨᠤᠭᠯᠠᠯ ᠢᠵᠢ ᠪᠦᠷᠢᠳᠴᠦ᠂ ᠠᠵᠢᠯᠴᠢ ᠬᠦᠳᠡᠯᠮᠥᠷᠢᠴᠢ | ᠠᠯᠳᠠᠷ ᠢᠶᠠᠷ ᠢᠶᠠᠨ ᠠᠶᠢᠯ ᠨᠤᠳᠤᠭ ᠲᠠᠭᠠᠨ ᠮᠠᠭᠳᠠᠭᠳᠠᠵᠦ᠂ ᠬᠤᠯᠠ ᠶᠢᠨ ᠬᠠᠷᠠᠴᠠ ᠬᠦᠨᠳᠦ ᠪᠤᠳᠤᠯ ᠢᠶᠠᠷ ᠢᠶᠠᠨ ᠴᠠᠭ | ᠦᠶ᠎ᠡ ᠲᠠᠢ ᠵᠡᠷᠬᠡᠴᠡᠨ᠂ ᠴᠢᠨᠡᠬᠡᠯᠢᠭᠵᠢᠯ ᠤᠨ ᠲᠠᠷᠳᠠᠩ ᠬᠠᠷᠭᠤᠢ ᠪᠠᠷ ᠤᠳᠤ ᠲᠠᠢ ᠴᠤᠭ ᠲᠠᠢ ᠬᠢᠯᠠᠯᠵᠠᠭᠤᠯᠵᠦ ᠶᠠᠪᠤᠨ᠎ᠠ | ᠃ |