ᠰᠥᠨᠢᠳ ᠪᠠᠷᠠᠭᠤᠨ ᠬᠤᠰᠢᠭᠤᠨ ᠤ ᠰᠢᠯᠢᠲᠡᠭ ᠡᠬᠦᠯᠲᠡᠷ ᠤᠨ ᠮᠠᠯ ᠤᠨ ᠠᠲᠠᠯᠢᠳᠬᠠᠨ ᠰᠢᠯᠭᠠᠷᠠᠭᠤᠯᠤᠯᠲᠠ ᠠᠮᠵᠢᠯᠲᠠᠲᠠᠢ ᠶᠠᠪᠤᠭᠳᠠᠪᠠ
ᠨᠡᠶᠢᠲᠡᠯᠡᠭᠰᠡᠨ ᠴᠠᠭ᠄
2016/10/10
    ᠰᠥᠨᠢᠳ ᠬᠤᠨᠢ ᠰᠤᠩᠭᠤᠨ ᠪᠤᠶᠢᠵᠢᠭᠤᠯᠬᠤ ᠪᠠ ᠤᠷᠤᠨ ᠨᠤᠲᠤᠭ ᠤᠨ ᠡᠬᠦᠯᠲᠡᠷ ᠢ ᠰᠢᠯᠢᠲᠡᠭᠵᠢᠬᠦᠯᠬᠦ ᠠᠵᠢᠯ ᠤᠨ ᠥᠷ᠎ᠠ ᠪᠥᠲᠥᠮᠵᠢ ᠶᠢ ᠤᠯᠠᠮ ᠪᠠᠬᠢᠵᠢᠬᠦᠯᠵᠥ᠂ ᠮᠠᠯᠴᠢᠳ ᠤᠨ ᠥᠨᠲᠤᠷ ᠥᠷ᠎ᠠ ᠠᠰᠢᠭᠲᠤ ᠮᠠᠯ ᠮᠠᠯᠵᠢᠬᠤ ᠢᠲᠡᠪᠬᠢᠵᠢᠯ ᠢ ᠲᠠᠶᠢᠴᠢᠯᠠᠬᠤ ᠪᠠᠷ᠂ ᠰᠥᠨᠢᠳ ᠪᠠᠷᠠᠭᠤᠨ ᠬᠤᠰᠢᠭᠤ ᠤᠢᠢᠷ᠎ᠠ ᠶᠢᠨ ᠡᠲᠥᠷ ᠠᠷᠪᠠᠲᠤᠭᠠᠷ ᠬᠤᠭᠤᠴᠠᠭᠠᠨ ᠤ ᠰᠢᠯᠢᠲᠡᠭ ᠡᠬᠦᠯᠲᠡᠷ ᠤᠨ ᠮᠠᠯ ᠤᠨ ᠠᠲᠠᠯᠢᠳᠬᠠᠨ ᠰᠢᠯᠭᠠᠷᠠᠭᠤᠯᠤᠯᠲᠠ ᠡᠷᠬᠢᠯᠡᠪᠡ᠃       ᠰᠠᠶᠢᠬᠠᠬᠤᠢᠯᠵᠡᠢ ᠰᠤᠮᠤ ᠶᠢᠨ ᠪᠠᠶᠠᠨᠬᠠᠷᠠᠭᠠᠲᠤ ᠭᠠᠴᠠᠭᠠᠨ ᠤ ᠮᠠᠯᠴᠢᠨ ᠵᠤᠷᠢᠭᠲᠤ ᠡᠨᠡ ᠤᠲᠠᠭ᠎ᠠ ᠨᠢᠭᠡ ᠰᠢᠲᠤᠯᠠᠩ ᠬᠤᠴᠠ ᠪᠠ ᠨᠢᠭᠡ ᠲᠤᠭᠤᠯ ᠢᠶᠠᠨ ᠠᠪᠴᠢᠷᠠᠵᠥ᠂ ᠠᠲᠠᠯᠢᠳᠬᠠᠨ ᠰᠢᠯᠭᠠᠷᠠᠭᠤᠯᠤᠯᠲᠠ ᠳᠤ ᠤᠷᠤᠯᠴᠠᠵᠠᠢ᠃ ᠬᠡᠲᠥᠨ ᠵᠢᠯ ᠤᠨ ᠲᠤᠷᠰᠢ ᠲᠡᠷᠡ ᠮᠠᠯ ᠤᠨ ᠡᠬᠦᠯᠲᠡᠷ ᠰᠠᠶᠢᠵᠢᠷᠠᠭᠤᠯᠬᠤ ᠠᠵᠢᠯ ᠢ ᠰᠠᠶᠢᠲᠤᠷ ᠬᠢᠭᠰᠡᠨ ᠵᠢᠷ ᠤᠳᠤ ᠪᠠᠷᠢᠮᠵᠢᠶᠠᠨ ᠳᠤ ᠬᠦᠷᠦᠭᠰᠡᠨ ᠰᠦᠨᠢᠳ ᠬᠤᠨᠢ ᠮᠠᠯᠵᠢᠵᠤ᠂ ᠡᠨᠡ ᠤᠲᠠᠭᠠᠨ ᠤ ᠰᠢᠯᠭᠠᠷᠠᠭᠤᠯᠤᠯᠲᠠ ᠳᠤ ᠰᠢᠲᠤᠯᠡᠩ ᠡᠮ᠎ᠠ ᠬᠤᠨᠢ ᠨᠢ ᠪᠡᠶ᠎ᠠ ᠪᠢᠯᠲᠠᠷ᠂ ᠲᠠᠷᠭᠤ ᠬᠦᠴᠤ ᠵᠡᠷᠭᠡ ᠡᠯ᠎ᠠ ᠲᠠᠯ᠎ᠠ ᠪᠠᠷ ᠨᠢᠭᠡᠲᠥᠭᠡᠷ ᠲᠤ ᠤᠷᠤᠵᠠᠢ᠃ ᠲᠡᠬᠦᠨ ᠤ ᠠᠪᠴᠢᠷᠠᠭᠰᠠᠨ ᠢᠴᠡᠭᠡᠯ ᠥᠷ᠎ᠠ ᠶᠢᠨ ᠬᠡᠬᠡᠯᠲᠥᠬᠦᠯᠭᠡ ᠶᠢᠨ ᠡᠷ᠎ᠠ ᠲᠤᠭᠤᠯ ᠨᠢ ᠴᠥ ᠨᠢᠭᠡᠲᠥᠭᠡᠷ ᠲᠤ ᠲᠤᠲᠤᠷᠠᠭᠰᠠᠨ ᠰᠠᠶᠢᠨ ᠬᠢᠷᠢ ᠪᠥᠲᠥᠮᠵᠢ ᠤᠯᠤᠭᠰᠠᠨ ᠪᠠᠶᠢᠨ᠎ᠠ᠃ ︽ᠪᠢ ᠵᠢᠯ ᠪᠤᠯᠭᠠᠨ ᠬᠤᠰᠢᠭᠤᠨ ᠠᠴᠠ ᠡᠷᠬᠢᠯᠡᠬᠦ ᠰᠢᠯᠢᠲᠡᠭ ᠡᠬᠦᠯᠲᠡᠷ ᠤᠨ ᠮᠠᠯ ᠤᠨ ᠠᠲᠠᠯᠢᠳᠬᠠᠨ ᠰᠢᠯᠭᠠᠷᠠᠭᠤᠯᠤᠯᠲᠠ ᠳᠤ ᠠᠯᠢ ᠰᠠᠶᠢᠨ ᠬᠤᠷᠠᠭ᠎ᠠ ᠳᠤᠭᠤᠯ ᠢᠶᠠᠨ ᠰᠤᠩᠭᠤᠵᠤ ᠤᠷᠤᠯᠴᠠᠭᠤᠯᠲᠠᠭ᠃ ᠡᠨᠡ ᠵᠢᠯ ᠴᠥ ᠨᠡᠯᠢᠶᠡᠳ ᠰᠠᠶᠢᠨ ᠬᠢᠷᠢ ᠪᠥᠲᠥᠮᠵᠢ ᠤᠯᠤᠯ᠎ᠠ᠃ ᠬᠤᠶᠢᠰᠢᠲᠠ ᠮᠠᠯ ᠤᠨ ᠡᠬᠦᠯᠲᠡᠷ ᠰᠠᠶᠢᠵᠢᠷᠠᠭᠤᠯᠬᠤ ᠠᠵᠢᠯ ᠢ ᠤᠯᠠᠮ ᠰᠠᠶᠢᠲᠤᠷ ᠬᠢᠵᠥ᠂ ᠮᠠᠯᠵᠢᠯ ᠤᠨ ᠥᠷ᠎ᠠ ᠠᠰᠢᠭ ᠢᠶᠠᠨ ᠲᠡᠭᠡᠭᠰᠢᠯᠡᠬᠦᠯᠥᠨ᠎ᠠ︾ ᠬᠡᠵᠥ ᠲᠡᠷᠡ ᠰᠤᠷᠪᠤᠯᠵᠢᠯᠠᠭ᠎ᠠ ᠬᠥᠯᠢᠶᠡᠬᠦ ᠳᠡᠭᠡᠨ ᠶᠠᠷᠢᠯ᠎ᠠ᠃       ᠤᠢᠢᠷ᠎ᠠ ᠶᠢᠨ ᠵᠢᠯ ᠠᠴᠠ ᠲᠤᠰ ᠬᠤᠰᠢᠭᠤ ᠥᠨᠲᠤᠷ ᠥᠷ᠎ᠠ ᠠᠰᠢᠭᠲᠤ᠂ ᠠᠮᠢ ᠠᠬᠤᠢᠢᠴᠢ᠂ ᠭᠠᠮᠰᠢᠭ ᠢ ᠲᠤᠭᠤᠯᠬᠤ ᠮᠠᠯ ᠠᠵᠤ ᠠᠬᠤᠢ ᠶᠢ ᠬᠥᠴᠥᠯᠡᠨ ᠬᠥᠭᠵᠢᠬᠦᠯᠵᠥ᠂ ᠮᠠᠯ ᠤᠨ ᠡᠬᠦᠯᠲᠡᠷ ᠰᠠᠶᠢᠵᠢᠷᠠᠭᠤᠯᠤᠯᠲᠠ ᠪᠠ ᠰᠥᠷᠥᠭ ᠤᠨ ᠪᠥᠲᠥᠴᠡ ᠶᠢᠨ ᠲᠤᠬᠢᠷᠠᠭᠤᠯᠤᠯᠲᠠ ᠶᠢ ᠲᠥᠷᠭᠡᠳᠭᠡᠵᠥ᠂ ᠪᠥᠬᠦ ᠬᠥᠴᠥᠨ ᠢᠶᠠᠷ ︽ᠰᠥᠨᠢᠳ ᠬᠤᠨᠢ︾ ᠨᠡᠷᠠᠳᠤ ᠲᠡᠮᠲᠡᠭ ᠢ ᠡᠬᠦᠳᠴᠥ᠂ ᠮᠠᠯᠵᠢᠬᠤ ᠥᠢᠯᠡᠳᠪᠤᠷᠢᠯᠡᠯ ᠤᠨ ᠥᠷ᠎ᠠ ᠠᠰᠢᠭ ᠢᠶᠠᠨ ᠲᠡᠭᠡᠭᠰᠢᠯᠡᠬᠦᠯᠵᠥ ᠪᠠᠶᠢᠨ᠎ᠠ᠃     ᠲᠤᠰ ᠤᠲᠠᠭᠠᠨ ᠤ ᠰᠢᠯᠭᠠᠷᠠᠭᠤᠯᠤᠯᠲᠠ ᠳᠤ ᠪᠥᠬᠦ ᠬᠤᠰᠢᠭᠤᠨ ᠤ 7 ᠰᠤᠮᠤ ᠪᠠᠯᠭᠠᠰᠤ ᠶᠢᠨ ᠬᠡᠰᠡᠭ ᠮᠠᠯᠴᠢᠳ 178 ᠰᠥᠨᠢᠳ ᠬᠤᠨᠢ᠂ 67 ᠰᠢᠮᠧᠨ᠋ᠲ᠋ᠠᠷ ᠥᠭᠡᠷ ᠢᠶᠠᠨ ᠠᠪᠴᠢᠷᠠᠵᠥ ᠤᠷᠤᠯᠴᠠᠵᠠᠢ᠃
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号