ᠮᠠᠨ ᠤ ᠠᠶᠢᠮᠠᠬ ᠠᠴᠠ ᠥᠪᠠᠷᠳᠡᠬᠡᠨ ᠵᠠᠰᠠᠬᠤ ᠣᠷᠣᠨ ᠪᠠᠶᠢᠭᠤᠯᠣᠬᠳᠠᠬᠰᠠᠨ 70 ᠵᠢᠯ ᠤᠨ ᠣᠢ ᠳᠤ ᠪᠡᠯᠡᠭ ᠪᠤᠯᠭᠠᠨ ᠳᠡᠪᠰᠢᠭᠦᠯᠬᠦ ᠵᠥᠴᠥᠬᠡ ᠶᠢᠨ ᠰᠣᠳᠣᠯᠣᠨ ᠶᠠᠷᠢᠯᠴᠠᠬᠤ ᠬᠤᠷᠠᠯ ᠰᠢᠯᠢ ᠶᠢᠨ ᠬᠤᠳᠡ ᠳᠤ ᠶᠠᠪᠤᠬᠳᠠᠪᠠ
ᠨᠡᠶᠢᠲᠡᠯᠡᠭᠰᠡᠨ ᠴᠠᠭ᠄
2016/10/10
    ᠠᠶᠢᠮᠠᠬ ᠤᠨ ᠰᠣᠶᠣᠯ ᠲᠠᠮᠢᠷ ᠰᠣᠨᠢᠨ ᠮᠠᠳᠡᠭᠡ ᠬᠡᠪᠯᠡᠯ ᠷᠠᠳᠢᠣ᠋ ᠲᠧᠯᠸᠢᠰ ᠺᠢᠨᠣ᠋ ᠲᠣᠪᠴᠢᠶ᠎ᠠ ᠠᠴᠠ ᠡᠷᠬᠢᠯᠡᠭᠰᠡᠨ ᠮᠠᠠ ᠤ ᠠᠶᠢᠮᠠᠬ ᠠᠴᠠ ᠥᠪᠠᠷᠳᠡᠬᠡᠨ ᠵᠠᠰᠠᠬᠤ ᠣᠷᠣᠨ ᠪᠠᠶᠢᠭᠤᠯᠣᠬᠳᠠᠬᠰᠠᠨ 70 ᠵᠢᠯ ᠤᠨ ᠣᠢ ᠳᠤ ᠪᠡᠯᠡᠭ ᠪᠤᠯᠭᠠᠨ ᠲᠡᠪᠰᠢᠭᠦᠯᠭᠦ ᠵᠥᠴᠥᠬᠡ ᠶᠢᠨ ᠰᠣᠳᠣᠯᠣᠨ ᠶᠠᠷᠢᠯᠴᠠᠬᠤ ᠬᠤᠷᠠᠯ 9 ᠳ᠋ᠣᠬᠡᠷ ᠰᠠᠷ᠎ᠠ ᠶᠢᠨ 23᠎ ᠤ ᠡᠳᠣᠷ ᠰᠢᠯᠢ ᠶᠢᠨ ᠬᠤᠳᠠ ᠳᠤ ᠶᠠᠪᠤᠬᠳᠠᠯ᠎ᠠ᠃       ᠥᠪᠠᠷᠳᠡᠬᠡᠨ ᠵᠠᠰᠠᠬᠤ ᠣᠷᠣᠨ ᠤ ᠰᠣᠶᠣᠯ ᠤᠨ ᠲᠢᠩᠬᠢᠮ ᠤᠨ ᠲᠠᠳ᠋ ᠲᠠᠷᠤᠭ᠎ᠠ ᠴᠢᠶᠣᠣ ᠢᠣᠢ ᠭᠤᠸᠠᠩ ᠪᠤᠯᠤᠨ ᠠᠶᠢᠮᠠᠬ ᠤᠨ ᠵᠠᠬᠢᠷᠭ᠎ᠠ᠂ ᠠᠶᠢᠮᠠᠬ ᠤᠨ ᠨᠠᠮ ᠤᠨ ᠬᠤᠷᠢᠶᠠᠨ ᠤ ᠣᠬᠠᠭᠤᠯᠬᠤ ᠬᠡᠯᠳᠡᠰ ᠤᠨ ᠬᠠᠮᠢᠶ᠎ᠠ ᠪᠥᠬᠦᠢ ᠣᠳᠣᠷᠢᠳᠣᠯᠭ᠎ᠠ ᠵᠢᠴᠢ ᠠᠶᠢᠮᠠᠬ ᠤᠨ ᠥᠡᠳᠣᠰᠣᠳᠡᠨ ᠤ ᠲᠠᠭᠤᠣ ᠪᠥᠵᠢᠭ ᠤᠨ ᠪᠥᠯᠬᠦᠮ ᠪᠠ ᠬᠥᠪᠡᠬᠡᠳᠥ ᠰᠢᠷ᠎ᠠ ᠬᠤᠰᠢᠭᠤᠨ ᠤ ᠵᠠᠰᠠᠬ ᠤᠨ ᠣᠷᠳᠣᠨ ᠤ ᠣᠳᠣᠷᠢᠳᠣᠯᠭ᠎ᠠ᠂ ᠣᠯᠠᠭᠠᠠᠮᠦ᠋ᠴᠢᠷ ᠤᠨ ᠬᠠᠷᠢᠭᠤᠴᠠᠯᠭᠠᠳᠠᠨ᠂ ᠲᠣᠰᠬᠠᠢ ᠮᠠᠷᠬᠡᠵᠢᠯᠳᠡᠨ ᠵᠡᠷᠬᠡ 50 ᠭᠠᠷᠣᠢ ᠬᠥᠮᠥᠨ ᠬᠤᠷᠠᠯ ᠳᠤ ᠣᠷᠣᠯᠴᠠᠵᠥ᠂ ᠠᠶᠢᠮᠠᠬ ᠤᠨ ᠥᠡᠳᠣᠰᠣᠳᠡᠨ ᠤ ᠲᠠᠭᠤᠣ ᠪᠥᠵᠢᠭ ᠤᠨ ᠪᠥᠯᠬᠦᠮ ᠤᠨ ᠲᠠᠷᠤᠭ᠎ᠠ ᠮᠸᠡᠭ ᠢᠣᠢ ᠵᠧᠨ ᠠᠴᠠ ᠮᠣᠩᠭᠤᠯ ᠵᠥᠴᠥᠬᠡ ︽ᠣᠷᠳᠥ ᠶᠢᠨ ᠲᠠᠭᠤᠣ ᠶᠢᠨ ᠲᠠᠷᠬᠠᠨ — ᠯᡁᠠᠵᠠᠪ︾ ᠪᠤᠯᠤᠨ ᠲᠠᠭᠤᠯᠠᠯᠳᠥ ᠵᠥᠴᠥᠬᠡ ︽ᠮᠠᠨ ᠤ ᠣᠯᠠᠭᠠᠠᠮᠦ᠋ᠴᠢᠷ︾᠎ ᠤᠨ ᠲᠣᠬᠠᠢ ᠲᠠᠶᠢᠯᠥᠮᠵᠢ ᠬᠢᠵᠥ᠂ ᠬᠥᠪᠡᠬᠡᠳᠥ ᠰᠢᠷ᠎ᠠ ᠬᠤᠰᠢᠭᠤᠨ ᠤ ᠠᠰᠣᠷᠣ ᠣᠷᠠᠯᠢᠬ ᠤᠨ ᠠᠵᠢᠯᠯᠠᠬᠤ ᠲᠠᠰᠤᠬ ᠤᠨ ᠲᠠᠳ᠋ ᠡᠷᠬᠢᠯᠡᠭᠴᠢ᠂ ︽ᠠᠰᠣᠷᠣ ᠠᠶᠠᠯᠭᠤ︾᠎ ᠶᠢᠨ ᠣᠷᠣᠨ ᠤ ᠲᠠᠰ ᠤᠨ ᠣᠯᠠᠮᠵᠢᠯᠠᠬᠴᠢ ᠣᠢᠢᠷᠣᠪ ᠠᠴᠠ ᠬᠥᠪᠡᠬᠡᠳᠥ ᠰᠢᠷ᠎ᠠ ᠬᠤᠰᠢᠭᠤᠨ ᠤ ᠣᠯᠠᠭᠠᠠᠮᠦ᠋ᠴᠢᠷ ᠤᠨ ᠲᠠᠪᠰᠢᠬᠦᠯᠥᠭᠰᠡᠨ ︽ᠠᠯᠳᠠᠨ ᠣᠷᠳᠣᠨ ᠤ ᠠᠰᠣᠷᠣ ᠨᠠᠶᠢᠷ︾᠎ ᠤᠨ ᠲᠣᠬᠠᠢ ᠨᠠᠷᠢᠨ ᠲᠠᠶᠢᠯᠪᠤᠷᠢ ᠬᠢᠭᠰᠡᠨ ᠪᠠᠶᠢᠨ᠎ᠠ᠃       ᠭᠤᠷᠪᠠᠨ ᠵᠥᠴᠥᠬᠡ ᠶᠢᠨ ᠪᠥᠳᠥᠬᠡᠯ ᠤᠨ ᠲᠠᠶᠢᠯᠪᠤᠷᠢ ᠲᠠᠨᠢᠯᠴᠠᠭᠤᠯᠭ᠎ᠠ ᠶᠢ ᠰᠣᠨᠣᠰᠣᠬᠰᠠᠨ ᠤ ᠲᠠᠷᠠᠭ᠎ᠠ ᠴᠢᠶᠣᠣ ᠢᠣᠢ ᠭᠤᠸᠠᠩ᠄ ︽ᠨᠢᠬᠡᠨ ᠰᠠᠶᠢᠨ ᠪᠥᠳᠥᠬᠡᠯ ᠤᠨ ᠥᠨ᠎ᠠ ᠥᠷᠳᠡᠭ ᠢ ᠰᠣᠳᠣᠯᠬᠤ ᠪᠤᠯ ᠡᠬᠦᠳᠥᠨ ᠪᠥᠳᠥᠬᠡᠬᠦ ᠶᠢᠨ ᠥᠡᠳᠣᠰᠣ ᠪᠤᠯᠤᠨ᠎ᠠ᠃ ︿ᠠᠰᠣᠷᠣ ᠠᠶᠠᠯᠭᠤ﹀ ᠪᠤᠯ ᠬᠥᠪᠡᠬᠡᠳᠥ ᠰᠢᠷ᠎ᠠ ᠬᠤᠰᠢᠭᠤᠨ ᠤ ᠨᠠᠷᠠᠳᠥ ᠲᠠᠮᠳᠡᠭ ᠪᠤᠯᠬᠤ ᠪᠠᠷ ᠪᠠᠷᠠᠬᠤ ᠥᠬᠡᠢ ᠰᠢᠯᠢ ᠶᠢᠨ ᠭᠤᠤᠯ ᠠᠶᠢᠮᠠᠬ ᠤᠨ ᠨᠢᠬᠡᠨ ᠨᠠᠷᠠᠳᠥ ᠲᠠᠮᠳᠡᠭ ᠪᠤᠯᠬᠤ ᠶᠣᠮ᠃ ︿ᠠᠰᠣᠷᠣ ᠠᠶᠠᠯᠭᠤ﹀ ᠎ ᠨᠢ ᠠᠷᠠᠳ ᠤᠨ ᠲᠣᠮᠳᠡ ᠠᠴᠠ ᠣᠷᠳᠣᠨ ᠳᠤ ᠣᠷᠣᠵᠥ᠂ ᠣᠷᠳᠣᠨ ᠠᠴᠠ ᠠᠷᠠᠳ ᠤᠨ ᠲᠣᠮᠳᠡ ᠲᠠᠯᠬᠡᠷᠡᠭᠰᠡᠨ ᠢᠶᠠᠷ ᠢᠶᠠᠨ ᠥᠷᠬᠡᠨ ᠬᠡᠪᠴᠢᠶ᠎ᠠ ᠲᠠᠢ ᠪᠠᠶᠢᠬᠤ ᠳᠠᠭᠠᠨ ᠲᠠᠭᠠᠷᠠᠨ᠎ᠠ᠃ ᠪᠤᠷᠣᠬᠵᠢᠭᠤᠨ ᠠᠴᠠ ᠡᠷᠬᠢᠮᠰᠥᠭ ᠢᠯᠠᠷᠠᠵᠥ᠂ ᠡᠷᠬᠢᠮᠰᠥᠭ ᠤᠨ ᠲᠣᠮᠳᠡ ᠪᠤᠷᠣᠬᠵᠢᠭᠤᠨ ᠢᠶᠠᠷ ᠲᠣᠬᠢᠷᠠᠭᠤᠯᠬᠤ ᠪᠤᠯ ᠢᠵᠠᠭᠤᠷ ᠣᠷᠠᠯᠢᠬ ᠤᠨ ᠥᠨ᠎ᠠ ᠥᠷᠳᠡᠭ ᠢ ᠢᠯᠠᠷᠠᠬᠦᠯᠬᠦ ᠪᠠᠰᠠ ᠨᠢᠬᠡᠨ ᠠᠷᠭ᠎ᠠ᠃ ︿ᠠᠰᠣᠷᠣ ᠠᠶᠠᠯᠭᠤ﹀᠎ ᠨᠢ ᠣᠷᠳᠣᠨ ᠤ ᠬᠥᠭᠵᠢᠮ ᠪᠤᠯᠤᠬᠰᠠᠨ ᠤ ᠬᠤᠪᠢ ᠳᠤ ᠢᠵᠠᠭᠤᠷ ᠣᠷᠠᠯᠢᠬ ᠤᠨ ᠰᠠᠭᠤᠷᠢ ᠶᠢ ᠵᠠᠪᠠᠯ ᠪᠠᠷᠢᠮᠳᠠᠯᠠᠵᠥ᠂ ᠢᠵᠠᠭᠤᠷ ᠣᠣᠭᠠᠯ ᠬᠡᠪ ᠨᠠᠮᠪᠠ ᠪᠠᠨ ᠬᠠᠳᠠᠭᠠᠯᠠᠬᠰᠠᠨ ᠥᠨ᠎ᠠ ᠥᠷᠳᠡᠭ ᠢ ᠨᠢ ᠢᠯᠠᠷᠠᠬᠦᠯᠬᠦ ᠬᠡᠷᠡᠭᠳᠡᠢ᠃ ᠲᠠᠬᠡᠪᠡᠯ ︿ᠮᠠᠨ ᠤ ᠣᠯᠠᠭᠠᠠᠮᠦ᠋ᠴᠢᠷ﹀ ᠬᠡᠬᠦ ᠪᠥᠳᠥᠬᠡᠯ ᠤᠨ ᠵᠥᠴᠥᠬᠡ ᠪᠤᠯᠭᠠᠬᠤ ᠶᠣᠮ ᠤᠤ᠂ ᠡᠰᠡᠬᠦᠯ᠎ᠠ ᠥᠳᠡᠰᠢᠯᠡᠭᠡ ᠪᠤᠯᠭᠠᠬᠤ ᠶᠣᠮ ᠤᠤ ᠬᠡᠬᠦ ᠪᠠᠶᠢᠷᠢ ᠶᠢ ᠣᠷᠢᠳᠠᠪᠠᠷ ᠲᠣᠬᠳᠠᠭᠠᠨ᠎ᠠ᠃ ᠣᠯᠠᠭᠠᠠᠮᠦ᠋ᠴᠢᠷ ᠤᠨ ᠥᠰᠥᠨ ᠪᠤᠶᠢᠵᠢᠯᠳᠡ ᠶᠢ ᠲᠣᠰᠬᠠᠵᠥ᠂ ᠣᠯᠠᠭᠠᠠᠮᠦ᠋ᠴᠢᠷ ᠤᠨ ᠲᠠᠣᠬᠡ ᠶᠢ ᠥᠬᠦᠯᠡᠵᠥ᠂ ᠮᠠᠯᠴᠢᠨ ᠠᠷᠠᠳ ᠤᠨ ᠰᠠᠳᠬᠢᠯ ᠳᠤ ᠬᠤᠨᠣᠬᠰᠢᠬᠰᠠᠨ ᠣᠯᠠᠭᠠᠠᠮᠦ᠋ᠴᠢᠷ ᠤᠨ ᠲᠠᠣᠬᠡᠨ ᠥᠡᠭᠬᠡᠷᠡᠯᠳᠡ ᠶᠢ ᠣᠯᠠᠮ ᠨᠢᠬᠡ ᠠᠯᠬᠤᠮ ᠪᠤᠳᠡᠳᠡᠶᠢᠵᠢᠭᠤᠯᠬᠤ ᠪᠤᠯ ᠬᠠᠮᠤᠬ ᠴᠢᠬᠤᠯᠠ᠃ ᠪᠠᠰᠠ ᠨᠢᠬᠡ ᠣᠴᠢᠷ ᠪᠤᠯ ︿ᠮᠠᠨ ᠤ ᠣᠯᠠᠭᠠᠠᠮᠦ᠋ᠴᠢᠷ﹀ ᠬᠡᠰᠡᠨ ᠨᠠᠷ᠎ᠠ ᠶᠢ ᠥᠬᠡᠷ᠎ᠠ ᠶᠠᠮᠠᠷ ᠨᠢᠬᠡᠨ ᠨᠠᠩ ᠣᠨᠣᠪᠴᠢᠳᠡᠢ᠂ ᠵᠣᠬᠢᠶᠠᠯ ᠤᠨ ᠠᠭᠤᠯᠭ᠎ᠠ ᠪᠠᠨ ᠲᠣᠪᠤᠶᠢᠯᠭᠠᠵᠥ ᠴᠢᠳᠠᠬᠤ ᠨᠠᠷ᠎ᠠ ᠪᠠᠷ ᠰᠣᠯᠢᠬᠤ ᠶᠢ ᠪᠤᠳᠣᠯᠬᠢᠯᠠᠵᠥ ᠪᠤᠯᠤᠨ᠎ᠠ᠃ ᠮᠣᠩᠭᠤᠯ ᠵᠥᠴᠥᠬᠡ ︿ᠣᠷᠳᠥ ᠶᠢᠨ ᠲᠠᠭᠤᠣ ᠶᠢᠨ ᠲᠠᠷᠬᠠᠨ — ᠯᡁᠠᠵᠠᠪ﹀᠎ ᠳᠤ ᠯᡁᠠᠵᠠᠪ ᠤᠨ ᠣᠷᠳᠥ ᠶᠢᠨ ᠲᠠᠭᠤᠣ ᠪᠠᠨ ᠲᠠᠭᠤᠯᠠᠵᠥ᠂ ᠣᠷᠳᠥ ᠶᠢᠨ ᠲᠠᠭᠤᠣ ᠬᠡᠬᠦ ᠡᠨᠡᠬᠦ ᠢᠵᠠᠭᠤᠷ ᠣᠷᠠᠯᠢᠬ ᠢᠶᠠᠨ ᠬᠠᠶᠢᠷᠠᠯᠠᠵᠥ ᠬᠠᠮᠠᠭᠠᠯᠠᠵᠥ ᠶᠠᠪᠤᠬᠰᠠᠨ ᠥᠯᠢᠬᠡᠷ ᠢ ᠪᠢᠴᠢᠵᠥ ᠵᠥᠴᠥᠬᠡᠯᠡᠬᠦ ᠳᠤ ᠪᠤᠳᠡᠳᠥ ᠬᠥᠮᠥᠨ ᠤ ᠪᠤᠳᠡᠳᠥ ᠥᠯᠢᠬᠡᠷ ᠪᠤᠯᠬᠤᠷ ᠵᠠᠪᠠᠯ ᠪᠤᠳᠡᠳᠥ ᠪᠠᠶᠢᠳᠠᠯ ᠲᠠᠢ ᠨᠠᠶᠢᠴᠡᠭᠰᠡᠨ ᠪᠠᠶᠢᠬᠤ ᠬᠡᠷᠡᠭᠳᠡᠢ᠃ ᠲᠠᠬᠦᠨ ᠤ ᠠᠬ᠎ᠠ ᠲᠠᠬᠦᠥ ᠰᠠᠳᠣᠨ᠂ ᠠᠠᠳᠡ ᠨᠠᠶᠢᠵᠠ ᠨᠠᠷ᠂ ᠣᠢᠢᠷ᠎ᠠ ᠵᠠᠷᠬᠡᠯᠡᠳᠡᠭᠡ ᠶᠢᠨ ᠰᠠᠳᠬᠢᠯ ᠳᠠᠬᠢ ᠯᡁᠠᠵᠠᠪ ᠤᠨ ᠲᠥᠷᠢ ᠶᠢ ᠪᠥᠳᠥᠬᠡᠬᠦ ᠬᠡᠷᠡᠭᠳᠡᠢ᠃ ᠯᡁᠠᠵᠠᠪ ᠭᠠᠭᠴᠠ ᠲᠠᠭᠤᠴᠢᠨ ᠪᠢᠰᠢ᠂ ᠲᠠᠬᠦᠨ ᠤ ᠨᠠᠬᠦᠳᠡᠯ ᠮᠠᠯᠵᠢᠯ ᠰᠣᠶᠣᠯ᠂ ᠲᠠᠯ᠎ᠠ ᠨᠣᠳᠤᠬ ᠤᠨ ᠰᠣᠶᠣᠯ ᠤᠨ ᠲᠣᠬᠠᠢ ᠣᠢᠢᠯᠠᠭᠠᠯᠳᠡ᠂ ᠢᠵᠠᠭᠤᠷ ᠣᠷᠠᠯᠢᠬ ᠲᠤ ᠡᠷᠬᠦᠭᠰᠡᠨ ᠣᠠᠴᠠᠭᠠᠢ ᠬᠠᠶᠢᠷ᠎ᠠ ᠰᠠᠳᠬᠢᠯᠬᠡ ᠶᠢ ᠬᠥᠢᠴᠠᠳ ᠢᠯᠠᠷᠠᠬᠦᠯᠬᠦ ᠬᠡᠷᠡᠭᠳᠡᠢ︾ ᠬᠡᠵᠥ ᠡᠷᠬᠢᠮ ᠨᠠᠠᠳᠢᠨ ᠰᠠᠨᠠᠯ ᠰᠠᠨᠠᠭᠤᠯᠭ᠎ᠠ ᠪᠠᠨ ᠲᠠᠪᠰᠢᠬᠦᠯᠪᠠ᠃       ᠰᠢᠯᠢ ᠶᠢᠨ ᠭᠤᠣᠯ ᠠᠵᠢᠯ ᠮᠠᠷᠬᠡᠵᠢᠯ ᠤᠨ ᠲᠠᠬᠡᠳᠥ ᠰᠣᠷᠭᠠᠭᠤᠯᠢ ᠶᠢᠨ ᠵᠠᠩ ᠣᠢᠢᠯᠠ ᠶᠢᠨ ᠰᠣᠳᠣᠯᠭᠠᠨ ᠤ ᠲᠠᠳ᠋ ᠫᠷᠣᠹᠧᠰᠰᠣᠷ ᠮᠣᠩᠭᠤᠯᠵᠠᠮᠰᠥ᠄ ︽ᠲᠠᠷᠬᠠᠨ ᠲᠠᠭᠤᠴᠢᠨ ᠯᡁᠠᠵᠠᠪ ᠪᠤᠯ ᠶᠡᠭᠡ ᠱᠤᠬ ᠶᠥᠮᠦᠷᠯᠢᠭ᠂ ᠰᠠᠳᠬᠢᠯ ᠤᠨ ᠲᠠᠮᠢᠷ ᠴᠢᠩᠭ᠎ᠠ ᠬᠥᠮᠥᠨ᠃ 13 ᠨᠠᠰᠣᠨ ᠠᠴᠠ ᠪᠠᠨ ᠲᠠᠭᠤᠣ ᠲᠠᠭᠤᠯᠠᠵᠥ᠂ ᠣᠷᠳᠥ ᠶᠢᠨ ᠲᠠᠭᠤᠴᠢᠨ᠂ ᠬᠡᠯᠡᠮᠥᠷᠴᠢ᠂ ᠢᠷᠥᠬᠡᠯᠴᠢ ᠮᠥᠷᠳᠡᠬᠡᠨ ᠲᠠᠭᠤᠣ ᠣᠷᠠᠯᠢᠬ ᠤᠨ ᠣᠢᠢᠯᠠᠰ ᠲᠤ ᠠᠯᠢᠪᠠ ᠪᠠᠨ ᠵᠣᠷᠢᠭᠤᠯᠣᠬᠰᠠᠨ ᠣᠢᠢᠯᠠᠰᠴᠢ ᠬᠥᠮᠥᠨ᠃ ᠡᠶᠢᠮᠥ ᠪᠠᠷ ᠢᠶᠠᠨ ᠲᠠᠬᠦᠨ ᠤ ᠲᠥᠷᠢ ᠶᠢ ᠲᠣᠬᠯᠠᠬᠤ ᠳᠤ ᠡᠷᠬᠡᠪᠰᠢ ᠲᠡᠬᠦᠨ ᠤ ᠭᠠᠳᠠᠭᠠᠳᠥ ᠲᠥᠷᠢ᠂ ᠲᠣᠳᠣᠭᠠᠳᠥ ᠰᠠᠳᠬᠢᠯᠬᠡ᠂ ᠵᠠᠩ ᠠᠷᠠᠠᠰᠢᠨ ᠢ ᠬᠥᠢᠴᠠᠳ ᠢᠯᠠᠷᠡᠬᠦᠯᠥᠭᠰᠡᠨ ᠪᠠᠶᠢᠬᠤ ᠬᠡᠷᠡᠭᠳᠡᠢ᠃ ᠲᠠᠬᠢᠪᠠᠯ ᠮᠠᠨ ᠤ ᠵᠥᠴᠥᠬᠡ ᠲᠠᠬᠡᠷ᠎ᠠ ︿ᠡᠪᠤᠬᠡᠨ ᠰᠢᠪᠠᠭᠤ﹀ ᠬᠡᠬᠦ ᠲᠠᠭᠤᠣ ᠶᠢ ᠯᡁᠠᠵᠠᠪ ᠤᠨ ᠨᠠᠰᠣ ᠪᠠᠷᠠᠬᠰᠠᠨ ᠤ ᠬᠤᠶᠢᠨ᠎ᠠ ᠲᠠᠭᠤᠯᠠᠬᠰᠠᠨ᠂ ᠡᠨᠡ ᠲᠠᠭᠤᠣ ᠪᠤᠯ ᠲᠠᠭᠤᠴᠢᠨ ᠱᠠᠪᠢ ᠨᠠᠷ ᠲᠠᠭᠠᠨ ᠬᠥᠰᠡᠯ ᠲᠠᠯᠪᠢᠬᠰᠠᠨ ᠲᠠᠭᠤᠣ᠃ ᠡᠬᠦᠨ ᠢ ᠲᠠᠭᠤᠴᠢᠨ ᠠᠮᠢᠳᠥ ᠰᠠᠷᠡᠬᠦᠨ ᠪᠠᠶᠢᠬᠤ ᠥᠶ᠎ᠠ ᠳᠡᠭᠡᠨ ᠱᠠᠪᠢ ᠨᠠᠷ ᠤᠨ ᠢᠶᠠᠨ ᠲᠠᠭᠤᠯᠠᠬᠤ ᠶᠢ ᠰᠣᠨᠣᠰᠣᠭᠠᠳ ᠪᠠᠶᠠᠷᠯᠠᠵᠥ ᠲᠣᠬᠳᠣᠯᠵᠥ ᠪᠠᠶᠢᠬᠤ ᠪᠠᠷ ᠲᠠᠭᠤᠯᠠᠬᠰᠠᠨ ᠪᠤᠯ ᠨᠠᠩ ᠰᠠᠶᠢᠨ ᠬᠡᠵᠥ ᠪᠤᠳᠣᠨ᠎ᠠ᠃ ᠵᠠᠩ ᠣᠢᠢᠯᠠ ᠶᠢᠨ ᠡᠬᠦᠳᠡᠨ ᠠᠴᠠ ᠶᠠᠷᠢᠪᠠᠯ ᠮᠣᠩᠭᠤᠯ ᠬᠡᠷ ᠤᠨ ᠭᠤᠣᠯ ᠲᠣᠮᠳᠠ ᠨᠢ ᠶᠠᠮᠠᠷᠴᠥ ᠬᠥᠮᠣᠨ ᠰᠠᠭᠤᠳᠠᠬ ᠥᠬᠡᠢ᠃ ᠬᠡᠪᠡᠴᠥ ᠡᠳᠡᠬᠡᠷ ᠵᠥᠴᠥᠬᠡ ᠳᠤ ᠬᠡᠷ ᠤᠨ ᠡᠵᠡᠨ ᠭᠤᠣᠯ ᠲᠣᠮᠳᠠ ᠪᠠᠨ ᠰᠠᠭᠤᠭᠠᠳ ᠪᠠᠶᠢᠬᠤ ᠬᠠᠷᠠᠬᠳᠠᠨ᠎ᠠ᠃ ︿ᠠᠯᠳᠠᠨ ᠣᠷᠳᠣᠨ ᠤ ᠠᠰᠣᠷᠣ ᠨᠠᠶᠢᠷ﹀ ᠎ ᠲᠤ ᠢᠷᠥᠬᠡᠯ ᠪᠤᠯᠤᠨ ᠴᠣᠭᠤᠷ ᠲᠠᠭᠤᠣ ᠨᠢ ᠰᠣᠯᠣᠭᠠᠢᠢᠷᠠᠵᠥ ᠪᠠᠶᠢᠬᠤ ᠰᠢᠬ᠃ ᠪᠠᠰᠠ ᠰᠠᠳᠬᠢᠯ ᠤᠨ ᠬᠥᠳᠡᠯᠬᠡᠬᠡᠨ ᠤ ᠲᠠᠯ᠎ᠠ ᠪᠠᠷ ᠲᠠᠩᠳᠠᠬᠦᠥ ᠨᠠᠮᠣᠭᠤᠬᠠᠨ ᠪᠠᠶᠢᠨ᠎ᠠ᠂ ᠴᠣᠪᠤᠭᠤᠯᠢᠬ᠂ ᠢᠳᠡᠷᠡᠬᠦᠨ ᠵᠥᠢᠯ ᠢ ᠢᠯᠠᠬᠦᠥ ᠢᠯᠠᠷᠠᠬᠦᠯᠪᠠᠯ ᠶᠠᠮᠠᠷ ᠪᠤᠢ︖︾ ᠬᠡᠵᠥ ᠥᠪᠠᠷ ᠤᠨ ᠪᠤᠳᠣᠯ ᠰᠠᠨᠠᠯ ᠢᠶᠠᠨ ᠶᠠᠷᠢᠯ᠎ᠠ᠃       ᠵᠥᠴᠥᠬᠡ ᠶᠢᠨ ᠰᠠᠳᠬᠢᠴᠠ ᠪᠤᠯᠤᠨ ᠵᠣᠬᠢᠶᠠᠨ ᠪᠥᠳᠥᠬᠡᠯᠬᠡ ᠶᠢᠨ ᠲᠠᠯ᠎ᠠ ᠪᠠᠷ ᠣᠯᠠᠮ ᠨᠢᠬᠡ ᠠᠯᠬᠤᠮ ᠰᠢᠨᠡᠳᠬᠡᠨ ᠳᠡᠬᠦᠯᠳᠡᠷᠵᠢᠬᠦᠯᠵᠤ᠂ ᠥᠵᠠᠯ ᠰᠠᠨᠠᠭᠠᠴᠢ ᠴᠢᠨᠠᠷ᠂ ᠤᠷᠠᠯᠢᠭᠴᠢ ᠴᠢᠨᠠᠷ᠂ ᠰᠣᠨᠢᠷᠬᠠᠯᠳᠥ ᠴᠢᠨᠠᠷ ᠢ ᠨᠢ ᠨᠡᠮᠡᠭᠳᠡᠬᠦᠯᠥᠨ᠂ ᠬᠥᠮᠥᠨ ᠤ ᠰᠠᠳᠬᠢᠯ ᠳᠤ ᠬᠤᠨᠣᠬᠰᠢᠬᠰᠠᠨ᠂ ᠠᠷᠠᠳ ᠣᠯᠠᠨ ᠤ ᠪᠠᠭ᠋ᠠᠷᠬᠠᠯ ᠢ ᠲᠠᠳᠠᠬᠰᠠᠨ᠂ ᠨᠠᠩ ᠪᠤᠳᠡᠳᠡᠢ᠂ ᠨᠠᠩ ᠪᠥᠷᠢᠨ ᠪᠥᠳᠥᠨ ᠰᠣᠳᠣᠨ ᠪᠥᠳᠥᠬᠡᠯ ᠪᠤᠯᠭᠠᠵᠥ᠂ ᠥᠪᠠᠷᠳᠡᠬᠡᠨ ᠵᠠᠰᠠᠬᠤ ᠣᠷᠣᠨ ᠪᠠᠶᠢᠭᠤᠯᠣᠬᠳᠠᠬᠰᠠᠨ 70 ᠵᠢᠯ ᠤᠨ ᠣᠢ ᠪᠤᠯᠤᠨ ᠣᠯᠠᠭᠠᠠᠮᠦ᠋ᠴᠢᠷ ᠪᠠᠶᠢᠭᠤᠯᠣᠬᠳᠠᠬᠰᠠᠨ 60 ᠵᠢᠯ ᠤᠨ ᠣᠢ ᠳᠤ ᠪᠡᠯᠡᠭ ᠪᠤᠯᠭᠠᠨ ᠪᠠᠷᠢᠬᠤ ᠵᠣᠷᠢᠯᠭ᠎ᠠ ᠪᠠᠷ ᠡᠷᠬᠢᠯᠡᠭᠰᠡᠨ ᠲᠣᠰ ᠣᠳᠠᠭᠠᠨ ᠤ ᠰᠣᠳᠣᠯᠣᠨ ᠶᠠᠷᠢᠯᠴᠠᠬᠤ ᠶᠠᠷᠢᠯᠴᠠᠭᠠᠨ ᠨᠢ ᠭᠤᠷᠪᠠᠨ ᠵᠦᠴᠦᠬᠡ ᠶᠢᠨ ᠳᠤᠭᠤᠷᠢᠨ ᠳᠤ ᠡᠷᠴᠢᠮᠳᠠᠢ ᠦᠷᠨᠢᠵᠤ᠂ ᠳᠤᠰᠬᠠᠢ ᠮᠡᠷᠭᠡᠵᠢᠯᠳᠠᠳ ᠠᠴᠠ ᠵᠥᠴᠥᠬᠡ ᠶᠢ ᠥᠵᠠᠵᠥ ᠰᠣᠨᠢᠷᠬᠠᠬᠰᠠᠨ ᠤ ᠲᠠᠷᠠᠭᠠᠬᠢ ᠲᠥᠷᠥᠭᠳᠡᠯ᠂ ᠣᠷᠣᠰᠢᠵᠥ ᠪᠠᠶᠢᠭ᠎ᠠ ᠠᠰᠠᠭᠤᠳᠠᠯ᠂ ᠵᠥᠴᠥᠬᠡ ᠶᠢᠨ ᠴᠢᠬᠤᠯᠠ ᠴᠢᠨᠠᠷ᠂ ᠵᠥᠴᠥᠬᠡ ᠶᠢᠨ ᠲᠣᠰ ᠪᠠᠶ᠎ᠠ ᠶᠢᠨ ᠬᠤᠯᠪᠤᠨ ᠪᠤᠳᠣᠯᠳᠡ ᠪᠤᠯᠤᠨ ᠵᠣᠬᠢᠶᠠᠨ ᠪᠥᠳᠥᠬᠡᠯᠬᠡ᠂ ᠵᠥᠴᠥᠬᠡ ᠶᠢᠨ ᠭᠤᠣᠯ ᠠᠭᠤᠯᠭ᠎ᠠ ᠪᠤᠯᠤᠨ ᠲᠠᠶᠢᠰᠠᠨ ᠤ ᠢᠯᠠᠷᠠᠬᠦᠯᠬᠦ ᠬᠥᠴᠥᠨ᠂ ᠣᠷᠠᠯᠢᠬ ᠤᠨ ᠨᠥᠯᠥᠬᠡᠯᠡᠬᠦ ᠬᠥᠴᠥᠨ ᠢ ᠲᠠᠬᠡᠭᠰᠢᠯᠠᠬᠦᠯᠵᠥ᠂ ᠥᠡᠳᠣᠰᠣᠳᠡᠨ ᠤ ᠰᠢᠯᠢᠳᠡᠭ ᠰᠣᠶᠣᠯ ᠢ ᠪᠠᠳᠠᠷᠠᠭᠤᠯᠬᠤ ᠵᠡᠷᠬᠡ ᠲᠠᠯ᠎ᠠ ᠪᠠᠷ ᠠᠷᠭ᠎ᠠ ᠣᠬᠠᠭᠠᠨ᠂ ᠰᠠᠨᠠᠯ ᠰᠠᠨᠠᠭᠤᠯᠭ᠎ᠠ ᠪᠠᠨ ᠲᠠᠪᠰᠢᠬᠦᠯᠦᠭᠰᠡᠡ ᠪᠠᠶᠢᠨ᠎ᠠ᠃  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠣᠶᠣᠯ ᠭᠠᠷᠠᠭ ᠤᠨ ᠬᠡᠪᠯᠡᠯ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号