ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠵᠡᠰᠭᠦᠯᠡᠩᠲᠦ᠍ ᠨᠣᠲᠤᠭ
ᠦᠢᠯᠡᠴᠢᠯᠡᠭᠡ
ᠲᠣᠷᠭᠠᠨ ᠬᠠᠷᠠᠭ᠎ᠠ
ᠤᠯᠠᠭ᠋ᠠᠨᠮᠥ᠋ᠴᠢᠷ
ᠲᠣᠷᠭᠠᠨ ᠬᠠᠷᠠᠭ᠎ᠠ   -   ᠰᠤᠷᠪᠤᠯᠵᠢᠯᠠᠭ᠎ᠠ
   ᠳᠠᠷᠢᠶᠠᠯᠠᠡᠭ ᠎ᠤᠨ ᠮᠠᠰᠢᠨ  
ᠨᠡᠢᠲᠡᠯᠡᠭᠰᠡᠨ ᠴᠠᠭ᠄ 2026-07-23

ᠰᠠᠨᠠᠭ᠎ᠠ ᠰᠦᠨᠢᠳ ᠵᠡᠭᠦᠨ ᠬᠤᠰᠢᠭᠤᠨ᠎ᠤ ᠰᠠᠢᠬᠠᠨᠭᠤᠪᠢ ᠰᠤᠮᠤᠨ᠎ᠤ ᠪᠤᠯᠠᠭ ᠭᠠᠴᠠᠭᠠᠨ᠎ᠳᠦ ᠨᠤᠲᠤᠭᠲᠠᠢ᠃ ᠲᠡᠷᠡ ᠦᠪᠡᠷ ᠎ᠤᠨ ᠲᠤᠷ᠎ᠠ ᠰᠤᠨᠢᠷᠬᠠᠯ᠎ᠳᠦ ᠪᠡᠨ ᠬᠦᠳᠦᠯᠦᠭᠳᠡᠨ ᠲᠠᠷᠢᠶᠠᠯᠠᠨᠭ᠎ᠤᠨ ᠮᠠᠰᠢᠨ ᠪᠤᠷᠤᠯᠠᠭᠤᠯᠵᠤ ᠰᠢᠭᠤᠳ ᠰᠢᠯᠤᠭᠤᠨ ᠵᠠᠨᠭ ᠠᠭᠠᠰᠢ  ᠪᠤᠯᠤᠨ ᠦᠨᠡᠨᠴᠢ ᠦᠢᠯᠡᠴᠢᠯᠡᠭᠡ ᠪᠡᠷ ᠵᠢᠡᠨ ᠬᠡᠷᠡᠭᠯᠡᠭᠴᠢᠳ ᠤᠯᠠᠨ᠎ᠳᠦ ᠪᠡᠨ  ᠲᠠᠨᠢᠭᠳᠠᠵᠤ ᠶᠠᠪᠤᠨ᠎ᠠ᠃

ᠳᠠᠷᠢᠶᠠᠯᠠᠡᠭ᠎ᠤᠨ ᠮᠠᠰᠢᠨ ᠪᠤᠷᠤᠯᠠᠭᠤᠯᠵᠤ ᠡᠬᠢᠯᠡᠯ᠎ᠠ

ᠰᠠᠨᠠᠭ᠎ᠠ 2011 ᠤᠨ᠎ᠳᠤ ᠶᠡᠬᠡ ᠰᠤᠷᠭᠠᠭᠤᠯᠢ ᠪᠡᠨ ᠲᠡᠭᠦᠰᠦᠭᠰᠡᠨ᠎ᠤ ᠰᠡᠭᠦᠯᠡᠷ ᠡᠷᠢᠶᠡᠨ ᠬᠤᠲᠠ᠎ᠵᠢᠨ ᠦᠪᠦᠷ ᠮᠤᠨᠭᠭᠤᠯ᠎ᠤᠨ ᠬᠦᠳᠡᠭᠡ ᠲᠤᠰᠬᠤᠨ᠎ᠤ ᠬᠤᠳᠠᠯᠳᠤᠭᠠᠨ᠎ᠤ ᠎ᠵᠢᠨ ᠬᠤᠪᠢ ᠤᠷᠤᠭᠤᠯᠤᠭᠰᠠᠨ ᠬᠢᠵᠠᠭᠠᠷᠲᠤ ᠺᠤᠮᠫᠠᠨᠢ᠎ᠳᠦ ᠠᠵᠢᠯ᠎ᠤᠨ ᠭᠠᠷᠤᠭ᠎ᠠ ᠠᠪᠴᠠᠢ᠃ ᠡᠢᠨᠬᠦ ᠳᠡᠷᠡ ᠪᠡᠷ ᠠᠵᠢᠯ᠎ᠤᠨ ᠵᠢᠡᠨ ᠴᠢᠯᠦᠭᠡ ᠵᠠᠪ ᠵᠢᠡᠷ ᠶᠠᠭᠤ ᠨᠢᠭᠡ ᠵᠢ ᠬᠢᠵᠤ ᠤᠷᠤᠯᠭ᠎ᠠ ᠪᠡᠨ ᠨᠡᠮᠡᠭᠳᠡᠭᠦᠯᠦᠶ᠎ᠡ ᠭᠡᠰᠡᠨ ᠪᠤᠳᠤᠯ ᠵᠢᠡᠷ ᠮᠠᠯᠵᠢᠬᠤ ᠤᠷᠤᠨ ᠎ᠤ ᠮᠠᠰᠢᠨ ᠮᠸᠬᠠᠨᠢᠭᠴᠢᠯᠠᠯᠲᠠ ᠦᠳᠲᠡᠷ ᠲᠦᠷᠭᠡᠨ ᠭᠦᠭᠵᠢᠵᠤ ᠪᠠᠢᠭ᠎ᠠ ᠬᠡᠷᠡᠭᠴᠡᠭᠡ ᠱᠠᠭᠠᠷᠳᠠᠯᠭ᠎ᠠ᠎ᠳᠦ ᠬᠠᠨᠳᠤᠭᠤᠯᠤᠨ 2019 ᠤᠨ᠎ᠡᠴᠡ ᠡᠬᠢᠯᠡᠨ ᠸᠢᠴᠠᠲ ᠲᠡᠭᠡᠷ᠎ᠡ ᠲᠠᠷᠢᠶᠠᠯᠠᠨᠭ᠎ᠤᠨ ᠮᠠᠰᠢᠨ ᠬᠤᠳᠠᠯᠳᠤᠵᠤ ᠡᠬᠢᠯᠡᠵᠠᠢ ᠃

ᠰᠠᠨᠠᠭ᠎ᠠ ᠬᠠᠮᠤᠭ ᠠᠨᠭᠬ᠎ᠠ  ᠮᠤᠵᠢ᠎ᠡᠴᠡ ᠬᠠᠮᠤᠭ ᠪᠠᠭ᠎ᠠ ᠬᠡᠯᠪᠡᠷᠢ ᠵᠢᠨ ᠴᠠᠰᠦ ᠴᠡᠪᠡᠷᠯᠡᠬᠦ ᠮᠠᠰᠢᠨ ᠤᠷᠤᠭᠤᠯᠵᠤ ᠳᠤᠷᠰᠢᠵᠤ ᠬᠤᠳᠠᠯᠳᠤᠵᠤ ᠦᠵᠡᠭᠰᠡᠨ᠎ᠳᠤ ᠠᠪᠠᠭ᠎ᠠ ᠬᠤᠰᠢᠭᠤᠨ᠎ᠤ ᠪᠠᠶᠠᠨᠲᠤᠭ ᠭᠠᠴᠠᠭᠠᠨ᠎ᠤ ᠨᠢᠬᠡ ᠮᠠᠯᠴᠢᠨ ᠠᠢᠯ ᠳᠡᠷᠡ ᠳᠠᠷᠤᠢ᠎ᠳᠤ ᠨᠢ ᠠᠪᠤᠬᠰᠠᠨ ᠪᠠᠢᠨ᠎ᠠ᠃ ᠳᠡᠬᠦᠨ ᠡᠴᠡ ᠳᠠᠷᠠᠭᠠᠯᠠᠵᠤ ᠭᠠᠷᠠᠭ᠎ᠲᠦ ᠪᠠᠷᠤᠭ ᠨᠢᠭᠡ ᠮᠠᠰᠢᠨ ᠬᠤᠳᠠᠯᠳᠤᠵᠤ᠂ ᠤᠨᠴᠠᠭᠠᠢᠯᠠᠨ ᠡᠪᠤᠯ ᠴᠠᠰᠦ ᠤᠷᠤᠭᠰᠠᠨ᠎ᠤ ᠰᠡᠭᠦᠯᠡᠷ ᠡᠳᠤᠷ᠎ᠲᠤ ᠬᠤᠷᠢᠨ ᠴᠠᠰᠦ ᠴᠡᠪᠡᠷᠯᠡᠬᠦ ᠮᠠᠰᠢᠨ ᠬᠤᠳᠠᠯᠳᠤᠬᠤ ᠪᠤᠯᠵᠤ ᠪᠤᠷᠤᠯᠠᠭᠤᠯᠭ᠎ᠠ ᠨᠢ ᠪᠦᠬᠦ ᠠᠢᠮᠠᠭ᠎ᠲᠦ ᠪᠡᠨ ᠤᠷᠤᠢᠯᠠᠵᠤ ᠢᠷᠡᠵᠡᠢ᠃  ᠡᠢᠨᠬᠦ ᠲᠡᠷᠡ2021ᠤᠨ ᠎ᠳᠦ  ᠎ᠵᠢᠨ ᠠᠵᠢᠯ ᠵᠢᠡᠨ ᠤᠷᠬᠢᠵᠤ᠂ ᠦᠷᠭᠦᠯᠵᠢᠯᠡᠨ ᠸᠢᠴᠠᠲ ᠲᠡᠭᠡᠷ᠎ᠡ ᠤᠳᠬᠤᠭᠤᠷ ᠮᠠᠰᠢᠨ᠂ ᠠᠴᠢᠶᠠᠨ᠎ᠤ ᠮᠠᠰᠢᠨ ᠵᠡᠷᠭᠡ ᠡᠯ᠎ᠠ ᠲᠦᠷᠦᠯ᠎ᠤᠨ ᠳᠠᠷᠢᠶᠠᠯᠠᠡᠭ᠎ᠤᠨ ᠮᠠᠰᠢᠨ ᠪᠠ ᠪᠤᠰᠤᠳ ᠲᠦᠷᠦᠯ᠎ᠤᠨ ᠬᠠᠭᠤᠴᠢᠨ ᠮᠠᠰᠢᠨ ᠲᠡᠷᠭᠡ ᠬᠤᠳᠠᠯᠳᠤᠨ ᠪᠤᠷᠤᠯᠠᠭᠤᠯᠭ᠎ᠠ ᠮᠠᠰᠢ ᠰᠠᠢᠨ ᠪᠠᠢᠵᠤ᠂ ᠰᠢᠯᠢ᠎ᠵᠢᠨ ᠭᠤᠤᠯ᠎ᠤᠨ ᠡᠯ᠎ᠡ ᠬᠤᠰᠢᠭᠤ ᠱᠢᠶᠠᠨ᠎ᠤ ᠬᠡᠷᠡᠭᠯᠡᠭᠴᠢᠳ᠎ᠡᠴᠡ ᠭᠠᠳᠠᠨ᠎ᠠ ᠦᠪᠦᠷ ᠮᠤᠨᠭᠭᠤᠯ᠎ᠤᠨ ᠡᠯ᠎ᠡ ᠠᠢᠮᠠᠭ ᠬᠤᠲᠠ᠎ᠵᠢᠨ ᠬᠡᠷᠡᠭᠯᠡᠭᠴᠢᠳ ᠎ᠴᠦ ᠮᠠᠰᠢ ᠤᠯᠠᠰᠢᠷᠠᠵᠠᠢ᠃ 

ᠢᠳᠡᠭᠡᠯ᠎ᠢ ᠡᠷᠬᠢᠮᠯᠡᠵᠤ ᠠᠷᠠᠯᠵᠢᠶ᠎ᠠ ᠬᠢᠳᠡᠭ

ᠭᠤᠷᠪᠠᠨ ᠵᠢᠯ ᠸᠢᠴᠠᠲ ᠠᠷᠠᠯᠵᠢᠶ᠎ᠡ ᠬᠢᠬᠦ ᠲᠤᠮᠳᠠ ᠪᠠᠨ ᠰᠠᠨᠠᠭ᠎ᠠ ᠦᠪᠡᠷ᠎ᠤᠨ ᠡᠯ᠎ᠡ ᠲᠦᠷᠦᠯ᠎ᠤᠨ ᠮᠠᠰᠢᠨ᠎ᠲᠡᠷᠭᠡᠨ᠎ᠤ ᠪᠤᠷᠤᠯᠠᠭᠤᠯᠭ᠎ᠠ ᠪᠤᠯᠤᠨ ᠦᠢᠯᠡᠴᠢᠯᠡᠭᠡ᠂ ᠬᠡᠷᠡᠭᠯᠡᠭᠴᠢᠳ᠎ᠤᠨ ᠬᠡᠷᠡᠭᠴᠡᠭᠡ ᠱᠠᠭᠠᠷᠳᠠᠯᠭ᠎ᠠ ᠵᠢᠨ ᠲᠠᠯ᠎ᠠ ᠪᠡᠷ ᠪᠠᠭ᠎ᠠ ᠪᠤᠰᠤ ᠲᠤᠷᠰᠢᠯᠭ᠎ᠠ ᠰᠤᠷᠭᠠᠮᠵᠢ ᠬᠤᠷᠠᠮᠳᠤᠭᠤᠯᠤᠨ ᠦᠪᠡᠷ ᠵᠢᠡᠨ ᠲᠤᠰᠬᠠᠢ ᠮᠠᠰᠢᠨ ᠲᠡᠷᠭᠡᠨ᠎ᠤ ᠬᠤᠳᠠᠯᠳᠤᠭ᠎ᠠ ᠡᠷᠬᠢᠯᠡᠬᠦ ᠪᠡᠷ ᠵᠤᠷᠢᠭ ᠰᠢᠭᠤᠳᠤᠨ 2022ᠤᠨ᠎ᠳᠦ ᠪᠤᠰᠤᠳ ᠲᠠᠢ ᠬᠠᠮᠲᠤᠷᠠᠵᠤ ᠰᠢᠯᠢ᠎ᠵᠢᠨ ᠬᠤᠲᠠ᠎ᠳᠦ ᠮᠠᠰᠢᠨ ᠲᠡᠷᠭᠡᠨ᠎ᠤ ᠬᠤᠳᠠᠯᠳᠤᠭ᠎ᠠ ᠡᠷᠬᠢᠯᠡᠵᠠᠢ᠃ ᠪᠤᠷᠤᠯᠠᠭᠤᠯᠭ᠎ᠠ᠎ᠵᠢᠨ ᠬᠤᠪᠢ ᠎ᠳᠦ  ᠶᠡᠬᠡᠩᠬᠢ  ᠬᠡᠷᠡᠭᠯᠡᠭᠴᠢᠳ ᠨᠢ  ᠮᠠᠯᠵᠢᠬᠤ ᠤᠷᠤᠨ᠎ᠳᠦ ᠲᠦᠪᠯᠡᠷᠡᠵᠤ ᠪᠠᠢᠳᠠᠭ᠎ᠡᠴᠡ ᠨᠠᠮᠤᠷ᠎ᠲᠦ ᠪᠡᠨ ᠡᠪᠡᠰᠦ ᠬᠠᠳᠤᠬᠤ ᠮᠠᠰᠢᠨ᠂   ᠂ ᠡᠪᠤᠯ᠎ᠳᠦ  ᠪᠡᠨ ᠴᠠᠰᠦ ᠲᠦᠯᠬᠢᠬᠦ ᠮᠠᠰᠢᠨ᠂ ᠬᠠᠪᠤᠷ ᠪᠤᠯᠪᠠᠯ ᠪᠠᠭ᠎ᠠ ᠬᠡᠯᠪᠡᠷᠢ᠎ᠵᠢᠨ ᠬᠤᠷᠤᠭ᠎ᠠ ᠬᠠᠰᠢᠶ᠎ᠠ ᠴᠡᠪᠡᠷᠯᠡᠬᠦ ᠮᠠᠰᠢᠨ ᠵᠠᠷᠤᠳᠠᠭ᠃

ᠰᠠᠨᠠᠭ᠎ᠠ᠄ 《 ᠮᠠᠨ᠎ᠤ ᠬᠡᠷᠡᠭᠯᠡᠭᠴᠢᠳ ᠪᠢᠳᠡᠨ᠎ᠳᠦ ᠮᠠᠰᠢ ᠢᠳᠡᠭᠡᠯ ᠲᠠᠢ ᠪᠠᠢᠳᠠᠭ᠃ ᠪᠢᠳᠡ᠎ᠴᠦ ᠭᠡᠰᠡᠨ ᠬᠦᠮᠦᠨ᠎ᠤ ᠡᠨᠡ ᠰᠠᠢᠬᠠᠨ ᠢᠳᠡᠭᠡᠯ᠎ᠢ ᠬᠦᠰᠡᠷᠳᠡᠭᠦᠯᠬᠦ ᠦᠭᠡᠢ᠎ᠵᠢᠨ ᠲᠦᠯᠦᠭᠡ ᠪᠦᠬᠦ ᠲᠠᠯ᠎ᠠ ᠵᠢᠨ ᠦᠢᠯᠡᠴᠢᠯᠡᠭᠡ ᠪᠡᠨ ᠰᠠᠢᠨ ᠬᠢᠬᠦ ᠵᠢ ᠪᠠᠲᠤᠯᠠᠳᠠᠭ᠃ ᠮᠠᠨ᠎ᠤ ᠲᠡᠯᠭᠡᠭᠦᠷ᠎ᠡᠴᠡ ᠮᠠᠰᠢᠨ ᠠᠪᠤᠭᠰᠠᠨ ᠬᠦᠮᠦᠰ᠎ᠲᠦ  ᠪᠡᠨ ᠵᠠᠰᠠᠨ ᠰᠡᠯᠪᠢᠯᠲᠡ ᠵᠢᠨ ᠠᠷᠦ ᠲᠠᠯ᠎ᠠ ᠵᠢᠨ ᠦᠢᠯᠡᠴᠢᠯᠡᠭᠡ ᠪᠡᠨ ᠵᠠᠪᠠᠯ ᠰᠠᠢᠨ ᠬᠢᠨ᠎ᠡ᠂ ᠬᠡᠳᠦᠢᠪᠡᠷ ᠠᠪᠤᠭᠠᠳ ᠨᠢᠭᠡ ᠵᠢᠯ᠎ᠤᠨ ᠪᠠᠲᠤᠯᠠᠭᠠᠨ᠎ᠤ ᠬᠤᠭᠤᠴᠠᠭ᠎ᠠ ᠨᠢ ᠦᠨᠭᠭᠡᠷᠡᠭᠰᠡᠨ᠎ᠴᠦ ᠶᠠᠮᠠᠷ ᠨᠢᠭᠡᠨ ᠮᠠᠰᠢᠨ᠎ᠤ ᠲᠤᠨᠤᠭ ᠲᠦᠭᠦᠭᠡᠷᠦᠮᠵᠢ ᠨᠢ ᠡᠪᠳᠡᠷᠡᠵᠤ ᠰᠤᠯᠢᠬᠤ ᠤᠴᠢᠷ ᠭᠠᠷᠪᠠᠯ ᠰᠢᠭᠤᠳ ᠦᠢᠯᠡᠳᠪᠤᠷᠢ ᠲᠠᠢ ᠪᠡᠨ ᠬᠠᠷᠢᠴᠠᠵᠤ ᠲᠤᠤᠷ᠎ᠠ ᠦᠨ᠎ᠡ ᠪᠡᠷ ᠤᠯᠵᠤ ᠦᠭᠳᠡᠭ》 ᠭᠡᠵᠤ ᠶᠠᠷᠢᠨ᠎ᠠ᠃

ᠰᠠᠨᠠᠭ᠎ᠠ ᠵᠠᠶᠠᠭ᠎ᠠ ᠨᠡᠢᠯᠡᠭᠰᠡᠨ ᠬᠤᠶᠠᠷ᠎ᠤᠨ ᠦᠢᠯᠡᠰ᠎ᠤᠨ ᠵᠠᠮ ᠨᠢ᠎ᠰᠠᠷᠠᠭᠤᠯᠬᠠᠨ

ᠰᠠᠨᠠᠭ᠎ᠠ ᠵᠢᠨ ᠨᠦᠬᠦᠷ  ᠪᠠᠭ᠎ᠠ ᠡᠴᠡ ᠪᠡᠨ ᠮᠠᠰᠢᠨ ᠲᠡᠷᠭᠡᠨ᠎ᠳᠦ ᠲᠤᠷ᠎ᠠ ᠪᠠᠬ᠎ᠠ ᠲᠠᠢ ᠪᠠᠢᠵᠤ ᠤᠤᠯ ᠡᠴᠡ ᠪᠡᠨ ᠬᠠᠭᠤᠴᠢᠨ ᠲᠡᠷᠭᠡᠨ᠎ᠤ ᠠᠷᠠᠯᠵᠢᠶ᠎ᠡ ᠡᠷᠬᠢᠯᠡᠨ ᠡᠯ᠎ᠡ ᠲᠦᠷᠦᠯ᠎ᠤᠨ ᠮᠠᠰᠢᠨ ᠲᠡᠷᠭᠡ ᠵᠢ ᠪᠦᠷ ᠦᠪᠡᠷᠲᠡᠭᠡᠨ ᠵᠠᠰᠠᠨ ᠰᠠᠯᠪᠢᠳᠡᠭ ᠪᠠᠢᠵᠠᠢ᠃ ᠰᠠᠨᠠᠭ᠎ᠠ ᠵᠢ ᠠᠨᠭᠬ᠎ᠠ ᠮᠠᠰᠢᠨ ᠲᠡᠷᠭᠡᠨ᠎ᠤ ᠠᠷᠯᠠᠵᠢᠶ᠎ᠡ ᠬᠢᠬᠦ᠎ᠳᠦ ᠨᠢ ᠤᠯᠠᠨ ᠲᠠᠯ᠎ᠠ᠎ᠵᠢᠨ ᠰᠠᠨᠠᠭᠤᠯᠭ᠎ᠠ ᠲᠤᠰᠠᠯᠠᠮᠵᠢ ᠦᠭᠴᠦ ᠡᠪ ᠳᠦᠢ ᠵᠢ ᠨᠢ ᠤᠯᠭᠤᠭᠰᠠᠨ ᠭᠡᠳᠡᠭ᠃ ᠢᠨᠭᠭᠢᠭᠡᠳ ᠠᠢᠯ ᠪᠤᠯᠤᠭᠰᠠᠨ᠎ᠡᠴᠡ ᠬᠤᠢᠰᠢ ᠬᠠᠮᠳᠤ ᠪᠡᠷ ᠠᠵᠢᠯᠯᠠᠨ ᠠᠷᠠᠯᠵᠢᠶ᠎ᠠ ᠨᠢ ᠤᠯᠠᠮ ᠭᠦᠭᠵᠢᠶᠡᠨᠲᠠᠢ ᠪᠤᠯᠵᠤ ᠬᠤᠶᠠᠭᠤᠯᠠ ᠰᠢᠯᠢ ᠵᠢᠨ ᠬᠤᠲᠠ᠎ᠵᠢᠨ ᠵᠡᠭᠦᠨ ᠵᠠᠬ᠎ᠠ᠎ᠳᠦ ᠠᠰᠳᠠᠭᠠᠨ ᠮᠠᠰᠢᠨ ᠲᠡᠷᠭᠡᠨ᠎ᠤ ᠬᠤᠳᠠᠯᠳᠤᠭ᠎ᠠ ᠡᠷᠬᠢᠯᠡᠵᠠᠢ᠃ ᠡᠳᠡ ᠬᠤᠶᠠᠭᠤᠯᠠ ᠵᠢᠨ ᠬᠠᠯᠠᠭᠤᠮᠰᠤᠭ ᠤᠪᠤᠷ᠂ ᠦᠨᠡᠨᠴᠢ ᠦᠢᠯᠡᠴᠢᠯᠡᠭᠡ ᠪᠤᠯᠤᠨ ᠮᠠᠰᠢᠨ ᠮᠸᠬᠠᠨᠢᠭ᠎ᠤᠨ ᠬᠢᠨᠢ ᠴᠢᠨᠠᠷ ᠴᠢᠨᠰᠠᠭᠠᠨ᠎ᠤ ᠪᠠᠲᠤᠯᠠᠭ᠎ᠠ ᠨᠢ ᠬᠤᠯᠠ ᠤᠢᠷ᠎ᠠ᠎ᠵᠢᠨ ᠬᠡᠷᠡᠭᠯᠡᠭᠴᠢᠳ᠎ᠤᠨ ᠢᠳᠡᠭᠡᠯ᠎ᠢ ᠤᠯᠵᠤ᠂ ᠲᠡᠳᠡ ᠮᠠᠰᠢᠨ ᠵᠢᠡᠨ ᠦᠵᠡᠵᠤ ᠲᠤᠭᠤᠪᠠᠯ ᠰᠢᠭᠤᠳ ᠸᠢᠴᠠᠲ ᠲᠡᠭᠡᠷ᠎ᠡ ᠮᠦᠨᠭᠭᠦ ᠪᠡᠨ ᠶᠠᠪᠤᠭᠤᠯᠤᠨ ᠮᠠᠰᠢᠨ ᠵᠢᠡᠨ ᠲᠤᠭᠲᠠᠴᠢᠬᠠᠳᠠᠭ᠃ ᠤᠢᠯᠠᠭᠠᠭᠰᠠᠨ ᠵᠢᠡᠷ ᠡᠳᠡᠨ᠎ᠤ ᠬᠢᠨ ᠤᠳᠤ ᠪᠤᠯᠲᠠᠯ᠎ᠠ 1100᠎ᠭᠠᠷᠤᠢ ᠡᠯ᠎ᠡ ᠲᠦᠷᠦᠯ᠎ᠤᠨ ᠮᠠᠰᠢᠨ ᠲᠡᠷᠭᠡ ᠪᠤᠷᠤᠯᠠᠭᠤᠯᠤᠭᠰᠠᠨ᠎ᠤ ᠬᠠᠮᠲᠤ ᠰᠢᠯᠢ᠎ᠵᠢᠨ ᠬᠤᠲᠠ᠎ᠳᠦ ᠪᠠᠰᠠ ᠨᠢᠭᠡ ᠬᠠᠭᠤᠴᠢᠨ ᠲᠡᠷᠭᠡᠨ᠎ᠤ ᠬᠤᠳᠠᠯᠳᠤᠭ᠎ᠠ ᠡᠷᠬᠢᠯᠡᠨ ᠶᠠᠭᠠᠷᠠᠯᠲᠠᠢ ᠠᠵᠢᠯᠯᠠᠵᠤ ᠪᠠᠢᠨ᠎ᠠ᠃ 

ᠢᠷᠡᠯᠲᠡ᠄ ᠰᠢᠯᠢ ᠵᠢᠨ ᠭᠣᠣᠯ ᠠᠢ᠌ᠮᠠᠭ᠎ᠤᠨ ᠵᠠᠬᠢᠷᠭ᠎ᠠ ᠵᠢᠨ ᠮᠣᠩᠭᠣᠯ ᠰᠦᠯᠵᠢᠶ᠎ᠡ
          
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ᠎ᠤᠨ ᠥᠪᠡᠷᠳᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠠᠴᠠ ᠭᠤᠤᠯᠴᠢᠯᠠᠨ ᠡᠷᠬᠢᠯᠡᠪᠡ 蒙ICP备06002797号