ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠵᠡᠰᠭᠦᠯᠡᠩᠲᠦ᠍ ᠨᠣᠲᠤᠭ
ᠦᠢᠯᠡᠴᠢᠯᠡᠭᠡ
ᠲᠣᠷᠭᠠᠨ ᠬᠠᠷᠠᠭ᠎ᠠ
ᠤᠯᠠᠭ᠋ᠠᠨᠮᠥ᠋ᠴᠢᠷ
ᠲᠣᠷᠭᠠᠨ ᠬᠠᠷᠠᠭ᠎ᠠ   -   ᠰᠤᠷᠪᠤᠯᠵᠢᠯᠠᠭ᠎ᠠ
ᠦᠵᠤᠮᠤᠴᠢᠨ ᠡᠴᠡ ᠳᠠᠮᠵᠢᠬᠳᠠᠬᠰᠠᠨ ᠬᠠᠢᠷ᠎ᠠ
ᠨᠡᠢᠲᠡᠯᠡᠭᠰᠡᠨ ᠴᠠᠭ᠄ 2026-07-15

ᠤᠢᠷ᠎ᠠ᠎ᠵᠢᠨ ᠡᠳᠤᠷ᠂ ᠰᠢᠯᠢ᠎ᠵᠢᠨ ᠬᠤᠲᠠ᠎ᠵᠢᠨ ᠢᠦᠢ ᠾᠧ ᠡᠷᠡᠭᠦᠯᠵᠢᠯ᠎ᠤᠨ ᠲᠦᠪ ᠎ᠲᠦ ᠦᠵᠤᠮᠤᠴᠢᠨ ᠨᠤᠳᠤᠬ ᠡᠴᠡ ᠳᠠᠮᠵᠢᠬᠳᠠᠵᠤ ᠢᠷᠡᠭᠰᠡᠨ ᠨᠢᠭᠡᠨ ᠰᠠᠢᠬᠠᠨ ᠬᠠᠢᠷ᠎ᠠ᠎ᠵᠢᠨ ᠠᠵᠢᠯᠯᠠᠭ᠎ᠠ ᠶᠠᠪᠤᠭᠳᠠᠯ᠎ᠠ᠃

《ᠨᠠᠰᠤᠲᠠᠨ ᠵᠢᠡᠨ ᠬᠦᠨᠳᠦᠯᠡᠵᠤ᠂ ᠨᠢᠯᠬᠠᠰ ᠵᠢᠡᠨ ᠬᠠᠢᠷᠠᠯᠠᠬᠤ ᠪᠤᠯ ᠮᠠᠨ᠎ᠤ ᠲᠤᠮᠳᠠᠳᠤ᠎ᠵᠢᠨ ᠦᠨᠳᠦᠰᠦᠲᠡᠨ᠎ᠤ ᠤᠯᠠᠮᠵᠢᠯᠠᠯᠲᠦ ᠶᠤᠰᠤ ᠰᠤᠷᠲᠠᠬᠤᠨ᠂ ᠨᠡᠨᠭ ᠤᠨᠴᠠᠭᠠᠢᠯᠠᠨ ᠦᠷ᠎ᠡ ᠬᠡᠦᠬᠡᠳ ᠭᠡᠳᠡᠭ ᠪᠤᠯ ᠨᠢᠭᠡ ᠭᠡᠷ ᠪᠦᠯᠢ᠎ᠵᠢᠨ ᠠᠯᠢᠪᠠ᠂ ᠦᠨᠦᠳᠦᠷ ᠮᠠᠨ᠎ᠤ ᠬᠤᠯᠪᠤᠭᠠᠨ᠎ᠤ ᠬᠠᠮᠲᠦ ᠤᠯᠠᠨ ᠵᠢᠡᠷ ᠡᠳᠡᠭᠡᠷ ᠬᠡᠦᠬᠡᠳ᠎ᠲᠦ ᠬᠠᠢᠷ᠎ᠠ ᠪᠡᠨ ᠬᠦᠷᠭᠡᠬᠦ ᠵᠤᠷᠢᠯᠭ᠎ᠠ ᠪᠡᠷ ᠡᠨᠡᠬᠦ ᠠᠵᠢᠯᠯᠠᠭ᠎ᠠ ᠵᠢ ᠵᠤᠬᠢᠶᠠᠨ ᠪᠠᠢᠭᠤᠯᠤᠨ ᠶᠠᠪᠤᠭᠳᠠᠭᠤᠯᠤᠯ᠎ᠠ》 ᠭᠡᠵᠤ ᠵᠡᠭᠦᠨ ᠦᠵᠦᠮᠦᠴᠢᠨ ᠬᠤᠰᠢᠭᠤᠨ ᠎ᠤ 《ᠦᠵᠦᠮᠦᠴᠢᠨ ᠪᠦᠰᠡᠭᠦᠢ ᠂ ᠦᠵᠦᠮᠦᠴᠢᠨ ᠵᠠᠯᠠᠭᠤᠰ》᠎ᠤᠨ᠎ᠰᠠᠢᠨ ᠲᠤᠷᠠᠴᠤᠤᠯ ᠎ᠤᠨ ᠪᠤᠶᠠᠨ᠎ᠤ ᠬᠤᠯᠪᠤᠭᠠᠨ᠎ᠤ ᠠᠬᠠᠯᠠᠭᠴᠢ ᠰᠤᠶᠤᠯᠴᠢᠮᠡᠭ ᠶᠠᠷᠢᠯ᠎ᠠ᠃ 

ᠲᠤᠰ ᠤᠳᠠᠭᠠᠨ᠎ᠤ ᠠᠵᠢᠯᠯᠠᠭ᠎ᠠ ᠳ᠋ᠦ᠍ ᠬᠤᠯᠪᠤᠭᠠᠨ᠎ᠤ ᠪᠦᠬᠦ ᠬᠡᠰᠢᠭᠦᠨ᠎ᠡᠴᠡ ᠲᠤᠰ ᠲᠦᠪ᠎ᠲᠦ ᠪᠠᠢᠭ᠎ᠠ ᠭᠤᠴᠢᠭᠠᠳ ᠤᠶᠤᠨ᠎ᠤ ᠰᠠᠭᠠᠳ ᠲᠠᠢ ᠬᠡᠦᠬᠡᠳ ᠲᠡᠭᠦᠤᠨᠡᠷ᠎ᠲᠦ 5000 ᠲᠦᠭᠦᠷᠢᠭ ᠬᠠᠨᠳᠢᠪᠯᠠᠭᠰᠠᠨ᠎ᠤ ᠬᠠᠮᠲᠦ ᠦᠪᠡᠷᠰᠡᠳ ᠵᠢᠡᠨ ᠤᠷᠠᠯᠠᠨ ᠪᠦᠲᠦᠭᠡᠭᠰᠡᠨ ᠬᠤᠸᠠᠷ ᠵᠢᠡᠨ ᠪᠠᠭᠰᠢ ᠨᠠᠷ᠎ᠲᠦ ᠨᠢ ᠬᠦᠷᠭᠡᠵᠤ ᠲᠡᠳᠡᠨ᠎ᠤ ᠬᠡᠦᠬᠡᠳ᠎ᠤᠨ ᠲᠦᠯᠦᠭᠡ ᠬᠠᠷᠠᠮ ᠦᠭᠡᠢ ᠵᠢᠳᠬᠦᠨ ᠴᠢᠷᠮᠠᠢᠵᠤ ᠶᠠᠪᠤᠭ᠎ᠠ ᠡᠷᠬᠢᠮ ᠨᠠᠨᠳᠢᠨ ᠰᠡᠳᠬᠢᠯ᠎ᠳᠦ ᠪᠠᠶᠠᠷᠯᠠᠨ ᠳᠠᠯᠠᠷᠬᠠᠵᠤ ᠪᠠᠢᠭ᠎ᠠ ᠪᠡᠨ ᠢᠯᠡᠳᠬᠡᠵᠤ ᠤᠷᠮᠠᠰᠢᠭᠤᠯᠤᠨ ᠵᠤᠷᠢᠭᠵᠢᠭᠤᠯᠵᠠᠢ᠃

ᠤᠢᠯᠠᠭᠠᠭᠰᠠᠨ ᠵᠢᠡᠷ ᠵᠡᠭᠦᠨ ᠦᠵᠦᠮᠦᠴᠢᠨ ᠬᠤᠰᠢᠭᠤᠨ ᠎ᠤ 《ᠦᠵᠦᠮᠦᠴᠢᠨ ᠪᠦᠰᠡᠭᠦᠢ ᠂ ᠦᠵᠦᠮᠦᠴᠢᠨ ᠵᠠᠯᠠᠭᠤᠰ》᠎ᠤᠨ ᠰᠠᠢᠨ ᠲᠤᠷᠠᠴᠤᠤᠯ᠎ᠤᠨ ᠪᠤᠶᠠᠨ᠎ᠤ ᠬᠤᠯᠪᠤᠭ᠎ᠠ ᠨᠢ 2021ᠤᠨ᠎ᠳᠦ ᠠᠨᠭᠬ᠎ᠠ ᠪᠠᠢᠭᠤᠯᠤᠬᠳᠠᠬᠤ ᠦᠶ᠎ᠠ᠎ᠳᠤ ᠠᠷᠪᠠᠭᠠᠳ ᠬᠡᠰᠢᠭᠦᠨ ᠲᠠᠢ ᠪᠠᠢᠭᠰᠠᠨ ᠵᠢᠡᠨ ᠤᠳᠤ ᠪᠤᠯᠬᠤ᠎ᠳᠦ 91 ᠬᠡᠰᠢᠭᠦᠨ ᠲᠠᠢ ᠪᠤᠯᠵᠤ᠂ ᠠᠷᠪᠠᠨ ᠬᠡᠲᠦᠳᠠᠢ ᠬᠡᠦᠬᠡᠳ ᠪᠠᠭᠠᠴᠤᠳ᠎ᠡᠴᠡ ᠨᠠᠶᠠ ᠭᠠᠷᠤᠭᠰᠠᠨ ᠨᠠᠰᠤᠲᠠᠢ ᠪᠤᠭᠤᠷᠤᠯ ᠬᠦᠷᠲᠡᠯ᠎ᠡ ᠪᠤᠰᠤᠳ᠎ᠢ ᠲᠡᠮᠵᠢᠵᠤ ᠪᠤᠶᠠᠨ ᠦᠢᠯᠡᠳᠬᠦ ᠪᠡᠷ ᠵᠤᠷᠢᠯᠭ᠎ᠠ ᠪᠡᠨ ᠪᠤᠯᠭᠠᠭᠰᠠᠨ ᠮᠠᠯᠴᠢᠳ᠎ᠤᠨ ᠬᠤᠯᠪᠤᠭ᠎ᠠ ᠪᠠᠢᠵᠤ᠂ ᠤᠯᠠᠨ ᠰᠠᠢᠬᠠᠨ ᠰᠠᠢᠨ ᠲᠤᠷ᠎ᠠ ᠵᠢᠨ ᠪᠤᠶᠠᠨ᠎ᠤ ᠦᠢᠯᠡᠰ᠎ᠢ ᠲᠡᠭᠡᠳᠦᠯᠡᠵᠤ ᠶᠠᠪᠤᠨ᠎ᠠ᠃

ᠢᠷᠡᠯᠲᠡ᠄ ᠰᠢᠯᠢ ᠵᠢᠨ ᠭᠣᠣᠯ ᠠᠢ᠌ᠮᠠᠭ᠎ᠤᠨ ᠵᠠᠬᠢᠷᠭ᠎ᠠ ᠵᠢᠨ ᠮᠣᠩᠭᠣᠯ ᠰᠦᠯᠵᠢᠶ᠎ᠡ
          
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ᠎ᠤᠨ ᠥᠪᠡᠷᠳᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠠᠴᠠ ᠭᠤᠤᠯᠴᠢᠯᠠᠨ ᠡᠷᠬᠢᠯᠡᠪᠡ 蒙ICP备06002797号