ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠵᠡᠰᠭᠦᠯᠡᠩᠲᠦ᠍ ᠨᠣᠲᠤᠭ
ᠦᠢᠯᠡᠴᠢᠯᠡᠭᠡ
ᠲᠣᠷᠭᠠᠨ ᠬᠠᠷᠠᠭ᠎ᠠ
ᠤᠯᠠᠭ᠋ᠠᠨᠮᠥ᠋ᠴᠢᠷ
ᠲᠣᠷᠭᠠᠨ ᠬᠠᠷᠠᠭ᠎ᠠ   -   ᠰᠤᠷᠪᠤᠯᠵᠢᠯᠠᠭ᠎ᠠ
ᠠᠮᠢᠵᠢᠷᠠᠯ ᠶ᠋ᠢᠡᠷ ᠪᠢᠯᠬᠠᠭᠰᠠᠨ ᠳᠤᠯᠠᠭᠠᠨ ᠬᠦᠯᠠᠮᠵᠢ
ᠨᠡᠢᠲᠡᠯᠡᠭᠰᠡᠨ ᠴᠠᠭ᠄ 2026-03-11

ᠬᠠᠪᠤᠷ ᠤ᠋ᠨ ᠠᠭᠤᠷ ᠤᠷᠤᠵᠤ ᠂ ᠲᠦᠮᠡᠨ ᠪᠤᠳᠠᠰ ᠠᠮᠢᠯᠠᠨ ᠰᠡᠷᠭᠦᠬᠦ ᠴᠠᠭ ᠠᠢᠰᠤᠢ᠃ ᠤᠯᠠᠭᠠᠨᠴᠠᠪ ᠬᠤᠳᠠ ᠵᠢᠨ ᠴᠠᠬᠠᠷ ᠪᠠᠷᠠᠭᠤᠨ ᠭᠠᠷᠤᠨ ᠡᠮᠤᠨᠡᠲᠤ ᠬᠤᠰᠢᠭᠤᠨ ᠤ᠋ ᠲᠡᠭᠰᠢ ᠪᠤᠯᠠᠭ ᠪᠠᠯᠭᠠᠰᠤ ᠵᠢᠨ ᠡᠮᠦᠨ᠎ᠠ ᠠᠢᠯ ᠲᠤᠰᠬᠤᠨ ᠤ᠋ ᠲᠤᠯᠠᠭᠠᠨ ᠬᠦᠯᠡᠮᠵᠢ ᠳ᠋ᠤ ᠤᠷᠤᠪᠠᠯ ᠬᠦᠵᠡᠯᠵᠡᠭᠡᠨ᠎ᠠ᠂ ᠦᠵᠤᠮ ᠵᠡᠷᠭᠡ ᠪᠤᠯᠪᠠᠰᠤᠷᠠᠭᠰᠠᠨ ᠵᠢᠮᠢᠰ ᠤ᠋ᠨ ᠠᠡᠭᠬᠢᠯᠦᠮ᠎ᠠ ᠦᠨᠦᠷ ᠬᠠᠡᠭᠬᠤᠯᠤᠨ᠂ ᠡᠯ᠎ᠠ ᠵᠤᠢᠯ ᠤ᠋ᠨ ᠢᠳᠡᠰᠢᠨ ᠨᠤᠭᠤᠭ᠎ᠠ ᠦᠩᠭᠡ ᠢᠯᠭᠠᠷᠠᠨ ᠤᠷᠭᠤᠵᠤ᠂ ᠠᠮᠢ ᠠᠮᠢᠵᠢᠷᠠᠯ ᠶ᠋ᠢᠡᠷ ᠪᠢᠯᠬᠠᠨ᠎ᠠ᠃

ᠡᠮᠦᠨ᠎ᠠ ᠠᠢᠯ ᠲᠤᠰᠬᠤᠨ ᠪᠤᠯ ᠪᠥᠬᠥ᠌ ᠤᠯᠤᠰ ᠤ᠋ᠨ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠵᠢᠱ᠌ᠢᠶ᠎ᠡ ᠦᠵᠡᠭᠦᠯᠬᠦ᠌ ᠲᠣᠰᠭᠣᠨ᠂ ᠳᠤᠮᠳᠠᠳᠤ ᠤᠯᠤᠰ ᠤ᠋ᠨ ᠦᠵᠡᠰᠭᠦᠯᠡᠩᠲᠦ ᠰᠠᠢᠬᠠᠨ ᠵᠤᠭ᠎ᠠ ᠰᠡᠯᠡᠭᠦᠴᠡᠯ ᠦ᠋ᠨ ᠲᠣᠰᠭᠣᠨ ᠪᠤᠯᠤᠨ᠎ᠠ᠃ ᠤᠢᠷ᠎ᠠ ᠶ᠋ᠢᠨ ᠵᠢᠯ ᠳ᠋ᠤ ᠲᠤᠰ ᠲᠤᠰᠬᠤᠨ ᠢᠳᠡᠱᠢᠨ ᠨᠣᠭᠣᠭ᠎ᠠ ᠶ᠋ᠢᠨ ᠠᠷᠠᠯᠵᠢᠶᠠᠨ ᠤ᠋ ᠵᠠᠬ᠎ᠠ ᠳᠡᠯᠭᠡᠭᠦᠷ ᠢ᠋ ᠨᠡᠭᠡᠭᠡᠵᠦ ᠦᠶ᠋ᠯᠡᠳᠪᠦᠷᠢᠯᠡᠯ ᠪᠣᠷᠣᠯᠠᠭᠤᠯᠭ᠎ᠠ ᠶ᠋ᠢ ᠵᠣᠯᠭᠠᠭᠤᠯᠬᠤ᠂ ᠲᠠᠷᠢᠶᠠᠯᠠᠩ ᠤ᠋ᠨ ᠬᠦᠷᠢᠶᠠᠯᠠᠡᠭ ᠶ᠋ᠢᠡᠨ ᠵᠢᠭᠤᠯᠴᠢᠯᠠᠯ ᠤ᠋ᠨ ᠬᠦᠷᠢᠶᠡᠯᠡᠩ ᠪᠤᠯᠭᠠᠨ ᠬᠤᠪᠢᠷᠠᠭᠤᠯᠵᠤ ᠲᠠᠷᠢᠶᠠᠯᠠᠩ ᠤ᠋ᠨ ᠪᠦᠲᠦᠭᠡᠭ᠌ᠳᠡᠬᠦᠨ ᠢ᠋ ᠵᠢᠭᠤᠯᠴᠢᠯᠠᠯ ᠤ᠋ᠨ ᠲᠠᠸᠠᠷ ᠪᠣᠯᠭᠠᠨ ᠳᠡᠰ ᠳᠡᠪᠱᠢᠭᠦᠯᠬᠦ ᠵᠡᠷᠭᠡ ᠠᠷᠭ᠎ᠠ ᠪᠡᠷ ᠲᠦᠭᠦᠭᠡᠷᠤᠮᠵᠢᠲᠤ ᠲᠠᠷᠢᠶᠠᠯᠠᠩ ᠢ᠋ ᠡᠷᠴᠢᠮᠳᠠᠢ ᠬᠦᠭᠵᠢᠭᠦᠯᠵᠤ᠂ ᠵᠢᠮᠢᠰ ᠢᠳᠡᠱᠢᠨ ᠨᠣᠭᠣᠭ᠎ᠠ ᠳᠠᠷᠢᠵᠤ ᠠᠷᠠᠳ ᠶ᠋ᠢᠡᠨ ᠪᠠᠶᠠᠵᠢᠭᠤᠯᠤᠨ ᠲᠣᠰᠭᠣᠨ ᠶ᠋ᠢᠡᠨ ᠮᠠᠨᠳᠤᠭᠤᠯᠬᠤ ᠵᠢ ᠠᠬᠢᠭᠤᠯᠤᠭᠰᠠᠨ ᠪᠦᠭᠡᠳ ᠬᠥᠳᠡᠭᠡ ᠲᠣᠰᠭᠣᠨ ᠤ᠋ ᠰᠣᠶᠣᠯ ᠵᠢᠭᠤᠯᠴᠢᠯᠠᠯ ᠢ᠋ ᠠᠭᠤᠰᠤᠯᠴᠠᠭᠤᠯᠤᠨ ᠬᠥᠭ᠌ᠵᠢᠭᠦᠯᠵᠤ᠂ ᠥᠪᠡᠷᠮᠢᠴᠡ ᠣᠨᠴᠠᠯᠢᠭ ᠲᠠᠶ ᠬᠦᠳᠡᠭᠡ ᠲᠤᠰᠬᠤᠨ ᠢ᠋ ᠬᠥᠭ᠌ᠵᠢᠭᠦᠯᠦᠨ ᠮᠠᠨᠳᠤᠭᠤᠯᠬᠤ ᠵᠠᠮ ᠢ᠋ ᠨᠡᠭᠡᠭᠡᠵᠠᠢ᠃

ᠤᠳᠤ ᠲᠤᠰ ᠲᠤᠰᠭᠤᠨ ᠤ᠋ ᠲᠥᠬᠦᠭᠡᠷᠦᠮᠵᠢᠲᠦ ᠲᠠᠷᠢᠶᠠᠯᠠᠩ ᠤ᠋ᠨ ᠲᠠᠯᠠᠪᠠᠢ ᠨᠢ 2028 ᠮᠦ᠍ ᠳ᠋ᠤ ᠬᠦᠷᠴᠤ᠂ 319 ᠰᠠᠭᠤᠷᠢ ᠲᠤᠯᠠᠭᠠᠨ ᠬᠦᠯᠡᠮᠵᠢ᠂ 36 ᠰᠠᠭᠤᠷᠢ ᠡᠩ ᠤ᠋ᠨ ᠬᠦᠯᠡᠮᠵᠢ ᠲᠡᠶ ᠪᠤᠯᠵᠤ᠂ ᠬᠦᠯᠡᠮᠵᠢ ᠳ᠋ᠡᠭᠡᠨ ᠭᠤᠤᠯᠳᠠᠭᠤ ᠭᠦᠵᠡᠯᠵᠡᠭᠡᠨ᠎ᠡ᠂ ᠦᠵᠦᠮ᠂ ᠲᠥᠪᠡᠳ ᠬᠠᠰᠢ᠂ ᠥᠷᠭᠡᠰᠦᠲᠦ ᠬᠡᠮᠬᠡ ᠲᠠᠷᠢᠵᠤ᠂ ᠬᠦᠯᠡᠮᠵᠢ ᠪᠦᠷᠢ ᠶ᠋ᠢᠨ ᠵᠢᠯ ᠤ᠋ᠨ ᠦᠢᠯᠡᠳᠬᠦᠨ ᠤ᠋ ᠥᠷᠲᠡᠭ ᠨᠢ 6 — 9 ᠲᠦᠮᠡᠨ ᠲᠥᠭᠥᠷᠢᠭ ᠲᠤ᠌ ᠬᠦᠷᠴᠤ ᠪᠠᠢᠨ᠎ᠠ᠃


 

ᠢᠷᠡᠯᠲᠡ᠄ ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
          
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ᠎ᠤᠨ ᠥᠪᠡᠷᠳᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠠᠴᠠ ᠭᠤᠤᠯᠴᠢᠯᠠᠨ ᠡᠷᠬᠢᠯᠡᠪᠡ 蒙ICP备06002797号