ᠰᠦᠨᠢᠳ ᠪᠠᠷᠠᠭᠤᠨ ᠬᠤᠰᠢᠭᠤᠨ ᠤ ᠰᠢᠵᠢᠷ ᠤᠨ ᠵᠢᠤᠳᠤᠤ ᠪᠦᠬᠡ ᠵᠢᠨ ᠠᠩᠭᠢ᠎ᠵᠢᠨ ᠲᠠᠮᠢᠷᠴᠢᠨ ᠴᠢᠬᠢᠷᠠᠭ ᠤᠢᠷ᠎ᠠ᠎ᠵᠢᠨ ᠡᠳᠤᠷ ᠶᠠᠪᠤᠡᠡᠳᠠᠡᠡᠰᠡᠨ 2026 ᠤᠨ ᠤ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ᠎ᠤ ᠠᠷᠪᠠᠨ ᠵᠢᠷᠭᠤᠳᠤᠭᠠᠷ ᠬᠤᠭᠤᠴᠠᠭᠠᠨ ᠤ ᠪᠡᠶ᠎ᠡ ᠵᠢᠨ ᠲᠠᠮᠢᠷ᠎ᠤᠨ ᠴᠤᠭᠯᠠᠭᠠᠨ᠎ᠤ ᠵᠢᠤᠳᠤᠤ ᠪᠦᠬᠡ᠎ᠵᠢᠨ-46 ᠺᠢᠯᠤᠭ᠌ᠷᠠᠮ ᠤᠨ ᠲᠡᠰ᠎ᠤᠨ ᠤᠷᠤᠯᠳᠤᠭᠠᠨ᠎ᠳᠤ ᠠᠯᠲᠠᠨ ᠮᠸᠳ᠋ᠠᠯ ᠭᠠᠷᠳᠡᠪᠠ᠃
ᠴᠢᠬᠢᠷᠠᠭ ᠲᠠᠢ ᠳᠠᠨᠢᠯᠴᠡᠶᠠ
ᠴᠢᠬᠢᠷᠠᠭ ᠡᠨᠡ ᠵᠢᠯ 14 ᠨᠠᠰᠦ ᠲᠠᠢ᠂ 2012 ᠡᠤᠨ᠎ᠳᠦ ᠰᠦᠨᠢᠳ ᠵᠡᠭᠦᠨ ᠬᠤᠰᠢᠭᠤᠨ᠎ᠤ ᠪᠠᠶᠠᠠᠠᠠᠭᠤᠯᠠ ᠰᠤᠮᠤᠨ ᠤ ᠰᠠᠢᠬᠠᠨᠲᠠᠯ᠎ᠠ ᠭᠠᠴᠠᠭᠠᠨ ᠤ ᠵᠠᠯᠠᠭᠤ ᠮᠠᠯᠴᠢᠨ ᠲᠡᠭᠦᠰᠮᠠᠨᠳᠤᠯᠠ᠂ ᠡᠷᠳᠡᠨᠢᠴᠢᠮᠡᠭ᠎ᠤᠨ ᠬᠠᠢᠷᠠᠲᠠᠢ ᠬᠦᠤ ᠨᠢ ᠪᠤᠯᠤᠨ ᠵᠠᠶᠠᠭᠠᠵᠠᠢ᠃ ᠲᠡᠷᠡ ᠪᠠᠭ᠎ᠠ ᠡᠴᠡ ᠪᠡᠨ ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠳᠦ ᠪᠠᠬᠠᠲᠠᠢ ᠪᠠᠢᠳᠠᠭ ᠵᠢᠡᠷ ᠪᠠᠭ᠎ᠠ ᠰᠤᠷᠭᠠᠭᠤᠯᠢ᠎ᠵᠢᠨ ᠲᠠᠪᠤᠳᠤᠭᠠᠷ ᠤᠨ᠎ᠡᠴᠡ ᠪᠡᠡ ᠡᠬᠢᠯᠡᠨ ᠪᠦᠬᠡ᠎ᠵᠢᠨ ᠮᠡᠷᠭᠡᠵᠢᠯ ᠵᠢᠡᠷ ᠰᠤᠷᠢᠶ᠎ᠠ ᠪᠤᠯᠪᠠᠰᠤᠷᠠᠯ ᠬᠢᠵᠤ ᠪᠠᠢᠭᠰᠠᠨ ᠵᠢᠡᠨ 2025 ᠤᠨ ᠤ 7 ᠰᠠᠷ᠎ᠠ ᠡᠴᠡ ᠡᠬᠢᠯᠡᠨ ᠰᠦᠨᠢᠳ ᠪᠠᠷᠠᠭᠤᠨ ᠬᠤᠰᠢᠭᠤᠨ ᠤ ᠵᠢᠤᠳᠤᠤ ᠪᠦᠬᠡ ᠵᠢᠨ ᠠᠩᠭᠢ ᠳᠦ ᠬᠦᠷᠴᠦ᠂ ᠤᠯᠤᠰ ᠤᠷᠤᠨ ᠤ ᠤᠷᠤᠯᠳᠤᠭᠠᠨ ᠳᠡᠮᠡᠴᠡᠭᠡᠨ ᠳᠤ ᠤᠯᠠᠨ ᠤᠳᠠᠭ᠎ᠠ ᠤᠷᠤᠯᠴᠠᠵᠤ᠂ ᠮᠡᠷᠭᠡᠵᠢᠯ ᠤᠨ ᠲᠠᠯ᠎ᠠ ᠪᠡᠷ ᠴᠠᠭᠠᠷᠠᠭᠰᠠᠨ ᠰᠢᠯᠢᠳᠡᠭ ᠲᠠᠮᠢᠷᠴᠢᠨ᠂ ᠪᠦᠬᠦ ᠤᠯᠤᠰ ᠤᠨ ᠵᠢᠤᠳᠤᠤ ᠪᠦᠬᠡ ᠵᠢᠨ ᠮᠠᠰᠲᠧᠷ ᠤᠨ ᠲᠡᠮᠡᠴᠡᠭᠡᠨ ᠂ ᠮᠠᠨᠭᠯᠠᠢ ᠰᠢᠯᠭᠠᠷᠠᠭᠤᠯᠬᠤ ᠲᠡᠮᠡᠴᠡᠭᠡᠨ᠂ ᠪᠦᠬᠦ ᠤᠯᠤᠰ ᠤᠨ ᠲᠠᠮᠢᠷ ᠤᠨ ᠴᠤᠭᠯᠠᠭᠠᠨ ᠳᠤ ᠤᠷᠤᠯᠴᠠᠵᠤ ᠰᠢᠯᠢᠳᠡᠭ ᠬᠢᠷᠢ ᠪᠦᠲᠦᠮᠵᠢ ᠤᠯᠵᠤ ᠪᠠᠢᠭᠰᠠᠨ ᠵᠢᠤᠳᠤᠤ ᠪᠦᠬᠡ᠎ᠵᠢᠨ ᠰᠤᠷᠭᠠᠭᠴᠢ ᠰᠢᠵᠢᠷ᠎ᠲᠦ ᠱᠠᠪᠢᠯᠠᠨ ᠵᠢᠤᠳᠤᠤ ᠪᠦᠬᠡ᠎ᠵᠢᠨ ᠰᠤᠷᠢᠶ᠎ᠠ ᠪᠤᠯᠪᠠᠰᠤᠷᠠᠯ ᠢ ᠰᠢᠰᠲᠸᠮ ᠲᠠᠢ ᠬᠦᠷᠳᠡᠵᠥ ᠡᠬᠢᠯᠡᠨ᠂ ᠵᠢᠤᠳᠤᠤ ᠪᠦᠬᠡ ᠲᠠᠢ ᠬᠤᠪᠢ ᠪᠠᠷᠢᠯᠳᠤᠯᠭ᠎ᠠ ᠲᠠᠢ ᠪᠤᠯᠵᠠᠢ᠃
ᠴᠢᠬᠢᠷᠠᠭ᠄ 《ᠲᠤᠰ ᠤᠳᠠᠭᠠᠨ᠎ᠤ ᠤᠷᠤᠯᠳᠤᠭᠠᠨ᠎ᠳᠦ ᠠᠯᠲᠠᠨ ᠮᠸᠳ᠋ᠠᠯ ᠭᠠᠷᠳᠠᠯ᠎ᠠ᠃ ᠪᠠᠭᠰᠢ ᠵᠢᠨ ᠵᠢᠡᠨ ᠵᠢᠯ ᠭᠠᠷᠤᠢ᠎ᠵᠢᠨ ᠲᠠᠭᠠᠭᠤᠯᠭ᠎ᠠ ᠪᠡᠷ ᠤᠯᠠᠨ ᠵᠦᠢᠯ᠎ᠢ ᠰᠤᠷᠤᠯ᠎ᠠ᠃ ᠪᠠᠭᠰᠢ᠎ᠳᠦ ᠪᠡᠨ ᠪᠠᠶᠠᠷᠯᠠᠵᠤ ᠪᠠᠢᠨ᠎ᠠ᠂ ᠠᠪᠤ ᠡᠵᠢ᠎ᠳᠦ ᠪᠡᠨ ᠪᠠᠶᠠᠷᠯᠠᠵᠤ ᠪᠠᠢᠨ᠎ᠠ᠂ ᠬᠤᠢᠰᠢᠳᠠ ᠦᠷᠭᠦᠯᠵᠢᠯᠡᠨ ᠴᠢᠷᠮᠠᠢᠵᠤ ᠵᠢᠤᠳᠤᠤ ᠪᠦᠬᠡ ᠪᠡᠷ ᠵᠢᠡᠨ ᠤᠯᠠᠮ ᠰᠠᠢᠨ ᠬᠢᠷᠢ ᠪᠦᠲᠦᠮᠵᠢ ᠭᠠᠷᠭᠠᠨ᠎ᠠ》 ᠭᠡᠵᠤ ᠶᠠᠷᠢᠨ᠎ᠠ᠃
ᠴᠢᠬᠢᠷᠠᠭ᠎ᠤᠨ ᠪᠠᠷᠢᠯᠳᠤᠭᠠᠨ᠎ᠤ ᠠᠮᠵᠢᠯᠲᠠ
2025 ᠤᠨ ᠤ ᠭᠤᠷᠪᠠᠳᠤᠭᠠᠷ ᠬᠤᠭᠤᠴᠠᠭᠠᠨ᠎ᠤ 《ᠢᠳᠰᠢᠨ》 ᠬᠤᠨᠳᠠᠭᠠᠲᠦ ᠵᠠᠯᠠᠭᠤᠴᠤᠳ ᠪᠠᠭᠠᠴᠤᠳ᠎ᠤᠨ ᠵᠢᠤᠳᠤᠤ ᠪᠦᠬᠡ᠎ᠵᠢᠨ ᠨᠡᠭᠡᠭᠡᠯᠳᠡᠲᠦ ᠲᠡᠮᠡᠴᠡᠭᠡᠨ᠎ᠤ -46 ᠺᠢᠯᠤᠭ᠌ᠷᠠᠮ᠎ᠤᠨ ᠲᠡᠰᠲᠦ ᠨᠢᠭᠡᠳᠦᠭᠡᠷ ᠪᠠᠢᠷᠢᠨ᠎ᠳᠦ ᠲᠤᠳᠤᠷᠠᠪᠠ᠃
2025 ᠤᠨ ᠤ ᠰᠦᠨᠢᠳ ᠵᠡᠭᠦᠨ ᠬᠤᠰᠢᠭᠤᠨ ᠤ ᠵᠠᠯᠠᠭᠤᠴᠤᠳ ᠪᠠᠭᠠᠴᠤᠳ᠎ᠤᠨ ᠵᠢᠤᠳᠤᠤ ᠪᠦᠬᠡ᠎ᠵᠢᠨ ᠤᠷᠢᠯᠭ᠎ᠠ᠎ᠵᠢᠨ ᠤᠷᠤᠯᠳᠤᠭᠠᠨ᠎ᠤ -42 ᠺᠢᠯᠤᠭ᠌ᠷᠠᠮ᠎ᠤᠨ ᠲᠡᠰᠲᠦ ᠭᠤᠷᠪᠠᠳᠤᠭᠠᠷ ᠪᠠᠢᠷᠢᠨ᠎ᠳᠦ ᠲᠤᠳᠤᠷᠠᠪᠠ᠃
2026 ᠤᠨ ᠤ ᠰᠦᠨᠢᠳ ᠵᠡᠭᠦᠨ ᠬᠤᠰᠢᠭᠤᠨ᠎ᠤ ᠵᠠᠯᠠᠭᠤᠴᠤᠳ ᠪᠠᠭᠠᠴᠤᠳ᠎ᠤᠨ ᠵᠢᠤᠳᠤᠤ ᠪᠦᠬᠡ ᠵᠢᠨ ᠤᠷᠢᠯᠭ᠎ᠠ᠎ᠵᠢᠨ ᠤᠷᠤᠯᠳᠤᠭᠠᠨ᠎ᠤ -46 ᠺᠢᠯᠤᠭ᠌ᠷᠠᠮ᠎ᠤᠨ ᠲᠡᠰ᠎ᠤᠨ ᠨᠢᠭᠡᠳᠦᠭᠡᠷ ᠪᠠᠢᠷᠢᠨ᠎ᠳᠦ ᠲᠤᠳᠤᠷᠠᠪᠠ᠃
2026 ᠤᠨ ᠤ ᠦᠪᠦᠷ ᠮᠤᠨᠭᠭᠤᠯ ᠤᠨ ᠦᠪᠡᠷᠲᠡᠭᠡᠨ ᠵᠠᠰᠠᠬᠤ ᠤᠷᠤᠨ᠎ᠤ ᠠᠷᠪᠠᠨ ᠵᠢᠷᠭᠤᠳᠤᠭᠠᠷ ᠬᠤᠭᠤᠴᠠᠭᠠᠨ᠎ᠤ ᠪᠡᠶ᠎ᠡ ᠵᠢᠨ ᠲᠠᠮᠢᠷ᠎ᠤᠨ ᠴᠤᠭᠯᠠᠭᠠᠨ᠎ᠤ ᠵᠠᠯᠠᠭᠤᠴᠤᠳ ᠪᠠᠭᠠᠴᠤᠳ᠎ᠤᠨ ᠵᠢᠤᠳᠤᠤ ᠪᠦᠬᠡ᠎ᠵᠢᠨ -46 ᠺᠢᠯᠤᠭ᠌ᠷᠠᠮ ᠤᠨ ᠲᠡᠰ᠎ᠤᠨ ᠰᠢᠢᠳᠪᠤᠷᠢᠲᠦ ᠤᠷᠤᠯᠳᠤᠭᠠᠨ᠎ᠳᠦ ᠲᠡᠷᠢᠭᠦᠯᠡᠵᠤ᠂ ᠠᠯᠲᠠᠨ ᠮᠸᠳ᠋ᠠᠯ ᠭᠠᠷᠳᠠᠪᠠ᠃