ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠵᠡᠰᠭᠦᠯᠡᠩᠲᠦ᠍ ᠨᠣᠲᠤᠭ
ᠦᠢᠯᠡᠴᠢᠯᠡᠭᠡ
ᠲᠣᠷᠭᠠᠨ ᠬᠠᠷᠠᠭ᠎ᠠ
ᠤᠯᠠᠭ᠋ᠠᠨᠮᠥ᠋ᠴᠢᠷ
ᠰᠣᠨᠢᠨ ᠮᠡᠳᠡᠭᠡ   -   ᠬᠤᠰᠢᠭᠤ ᠨᠤᠲᠤᠭ᠎ᠤᠨ ᠰᠣᠨᠢᠨ ᠮᠡᠳᠡᠭᠡ
ᠬᠦᠯᠦᠰᠦᠨ ᠠᠵᠢᠯᠴᠢᠨ ᠡᠴᠡ ᠪᠡᠨ ᠬᠤᠭᠤᠯᠠᠨ ᠭᠡᠷ᠎ᠤᠨ ᠡᠵᠡᠨᠲᠡᠨ ᠪᠤᠯᠤᠭᠰᠠᠨ ᠮᠠᠯᠴᠢᠨ ᠪᠦᠰᠡᠭᠦᠢ
ᠨᠡᠢᠲᠡᠯᠡᠭᠰᠡᠨ ᠴᠠᠭ᠄ 2026-07-13

ᠰᠢᠯᠤᠭᠤᠨ ᠬᠦᠬᠡ ᠬᠤᠰᠢᠭᠤᠨ ᠎ᠤ ᠰᠠᠢᠨᠬᠤᠳᠳᠤᠭ ᠰᠤᠮᠤᠨ᠎ᠤ ᠰᠢᠭᠦᠷᠭᠡᠨᠳᠠᠢ ᠭᠠᠴᠠᠭᠠᠨ᠎ᠤ ᠮᠠᠯᠴᠢᠨ ᠤᠷᠠᠨ᠎ᠠ ᠬᠤᠲᠠ ᠤᠷᠤᠵᠤ ᠬᠦᠯᠦᠰᠦᠨ ᠠᠵᠢᠯ ᠬᠢᠵᠤ ᠪᠠᠢᠭᠰᠠᠨ ᠵᠢᠡᠨ ᠤᠳᠤ ᠦᠪᠡᠷ ᠵᠢᠡᠨ ᠬᠤᠭᠤᠯᠠᠨ ᠭᠡᠷ ᠡᠷᠬᠢᠯᠡᠵᠤ ᠂ ᠠᠷᠠᠯᠵᠢᠶ᠎ᠠ ᠮᠠᠢᠮᠠᠢ ᠨᠢ ᠭᠦᠭᠵᠢᠶᠡᠨ ᠲᠠᠢ ᠶᠠᠪᠤᠭᠳᠠᠨ᠎ᠠ᠃ 

ᠬᠤᠲᠠ ᠤᠷᠤᠵᠤ ᠬᠦᠯᠦᠰᠦᠨ ᠠᠵᠢᠯ ᠎ᠬᠢᠪᠡ

ᠤᠷᠠᠨ᠎ᠠ  ᠬᠦᠳᠡᠭᠡ ᠪᠡᠨ ᠮᠠᠯ ᠵᠢᠡᠨ ᠮᠠᠯᠵᠢᠵᠤ ᠪᠠᠢᠭᠰᠠᠨ ᠵᠢᠡᠨ2007 ᠤᠨ᠎ᠳᠦ  ᠬᠦᠤ ᠪᠡᠨ ᠰᠠᠨᠭ᠎ᠤᠨ ᠳᠠᠯᠠᠢ ᠪᠠᠯᠭᠠᠰᠤᠨ᠎ᠳᠦ ᠰᠤᠷᠭᠠᠭᠤᠯᠢ᠎ᠳᠦ ᠰᠠᠭᠤᠯᠭᠠᠬᠤ ᠎ᠪᠡᠷ ᠬᠤᠲᠠ ᠤᠷᠤᠵᠤ᠂ ᠬᠦᠤ ᠎ᠵᠢᠨ ᠵᠢᠡᠨ ᠲᠤᠭᠤᠭ᠎ᠠ ᠵᠢ ᠪᠠᠷᠢᠬᠤ ᠎ᠵᠢᠨ ᠲᠠᠭᠠᠤ ᠬᠤᠭᠤᠯᠠᠨ ᠭᠡᠷ ᠲᠦ᠍ 8 ᠵᠢᠯ ᠦᠢᠯᠡᠴᠢᠯᠡᠭᠴᠢ ᠪᠡᠷ ᠠᠵᠢᠯᠯᠠᠵᠠᠢ᠃ ᠲᠡᠷᠡ ᠶᠡᠷᠦ᠎ᠡᠴᠡ ᠠᠵᠢᠯ᠎ᠢ ᠭᠤᠯᠤᠳᠠᠭ ᠦᠭᠡᠢ᠂ ᠨᠠᠷᠢᠨ ᠨᠢᠮᠪᠠᠢ᠂ ᠬᠠᠷᠢᠭᠤᠴᠠᠯᠭ᠎ᠠ ᠲᠠᠢ ᠬᠢᠳᠡᠭ ᠵᠢᠡᠷ ᠬᠠᠮᠲᠦ ᠤᠯᠠᠨ᠎ᠤ ᠪᠡᠨ ᠰᠡᠳᠬᠢᠯ᠎ᠳᠦ ᠬᠦᠷᠳᠡᠭ᠃

ᠦᠪᠡᠷ ᠵᠢᠡᠨ ᠬᠤᠭᠤᠯᠠᠨ ᠭᠡᠷ ᠡᠷᠬᠢᠯᠡᠯ᠎ᠡ

ᠤᠷᠠᠨ᠎ᠠ 2019 ᠤᠨ᠎ᠳᠦ ᠰᠠᠨᠭ᠎ᠤᠨ ᠳᠠᠯᠠᠢ ᠪᠠᠯᠭᠠᠰᠤᠨ᠎ᠳᠦ ᠭᠡᠷ ᠲᠦᠷᠢᠶᠡᠰᠦᠯᠡᠨ ᠬᠤᠭᠤᠯᠠᠨ ᠭᠡᠷ ᠡᠷᠬᠢᠯᠡᠵᠤ᠂ ᠤᠳᠤ ᠪᠤᠯᠬᠤ᠎ᠳᠦ ᠲᠤᠯᠤᠭᠠᠨ ᠵᠢᠯ ᠎ᠤᠨ ᠨᠢᠭᠤᠷ ᠎ᠢ ᠦᠵᠡᠵᠠᠢ᠃ ᠬᠤᠭᠤᠯᠠᠨ ᠭᠡᠷ᠎ᠲᠦ ᠪᠡᠨ ᠭᠤᠤᠯᠳᠠᠭᠤ ᠬᠤᠨᠢ᠂ ᠦᠬᠡᠷ᠂ ᠲᠡᠮᠡᠭᠡᠨ ᠮᠢᠬᠠᠨ᠎ᠤ ᠱᠠᠯᠪᠢᠨᠭ ᠪᠤᠯᠤᠨ  ᠶᠡᠷᠤᠳᠡ᠎ᠵᠢᠨ ᠬᠤᠭᠤᠯᠠ ᠤᠮᠳᠠ ᠬᠢᠵᠤ᠂ ᠬᠦᠮᠦᠰ ᠎ᠤᠨ ᠲᠠᠭᠠᠰᠢᠶᠠᠯ ᠎ᠢ ᠤᠯᠪᠠ᠃ ᠲᠡᠷᠡ ᠪᠡᠷ ᠬᠤᠭᠤᠯᠠᠨ ᠭᠡᠷ᠎ᠲᠦ ᠪᠡᠨ ᠬᠡᠳᠦᠢ ᠶᠠᠭᠠᠷᠠᠤ ᠪᠠᠢᠭᠰᠠᠨ ᠎ᠴᠦ ᠦᠢᠯᠡᠴᠢᠯᠡᠭᠴᠢ ᠬᠡᠷᠡᠭᠯᠡᠳᠡᠭ ᠦᠬᠡᠢ᠂ ᠨᠦᠬᠦᠷ ᠲᠠᠢ ᠪᠡᠨ ᠬᠤᠶᠠᠭᠤᠯᠠ ᠡᠷᠲᠡᠯᠡᠵᠤ ᠤᠷᠤᠢᠯᠠᠨ  ᠶᠠᠭᠠᠷᠠᠯᠲᠠᠢ ᠠᠵᠢᠯᠯᠠᠵᠤ᠂ ᠵᠢᠯ ᠎ᠳᠦ ᠎ᠪᠡᠨ ᠬᠤᠷᠢᠭᠠᠳ ᠲᠦᠮᠡᠨ ᠲᠦᠭᠦᠷᠢᠭ᠎ᠤᠨ ᠴᠡᠪᠡᠷ ᠤᠷᠤᠯᠭ᠎ᠠ ᠤᠯᠳᠠᠭ᠃

ᠤᠷᠠᠨ᠎ᠠ᠄ 《ᠬᠦᠯᠦᠰᠦᠨ ᠠᠵᠢᠯ ᠬᠢᠵᠤ ᠪᠠᠢᠬᠤ᠎ᠳᠦ ᠪᠡᠨ ᠬᠡᠵᠢᠶ᠎ᠡ ᠨᠢᠭᠡ ᠡᠳᠤᠷ ᠦᠪᠡᠷ ᠵᠢᠡᠨ ᠪᠠᠰᠠ ᠨᠢᠭᠡ ᠰᠠᠢᠬᠠᠨ ᠬᠤᠭᠤᠯᠠᠨ ᠭᠡᠷ ᠲᠠᠢ ᠪᠤᠯᠤᠶ᠎ᠠ᠂ ᠬᠦᠮᠦᠨ᠎ᠤ ᠬᠢᠵᠤ ᠲᠡᠢᠯᠬᠦ ᠵᠦᠢᠯ᠎ᠢ ᠪᠢ ᠪᠠᠰᠠ ᠬᠢᠵᠤ ᠲᠡᠢᠯᠤᠨ᠎ᠡ ᠭᠡᠵᠤ ᠪᠤᠳᠤᠳᠠᠭ ᠪᠠᠢᠭᠰᠠᠨ᠃ ᠤᠳᠤ ᠡᠨᠡᠬᠦ ᠬᠦᠰᠡᠯ ᠮᠢᠨᠢ ᠪᠡᠶᠡᠯᠡᠭᠳᠡᠯ᠎ᠡ᠂ ᠦᠪᠡᠷ᠎ᠤᠨ ᠪᠡᠶ᠎ᠡ᠎ᠳᠦ ᠪᠡᠨ ᠶᠡᠬᠡ ᠵᠤᠷᠢᠭ ᠦᠭᠴᠦ ᠶᠠᠪᠤᠳᠠᠭ᠃ ᠨᠠᠳᠠ ᠲᠠᠢ ᠠᠳᠠᠯᠢ ᠨᠡᠨᠭ ᠤᠯᠠᠨ ᠬᠦᠮᠦᠰ᠎ᠲᠦ ᠵᠤᠷᠢᠭ ᠲᠠᠢ ᠪᠡᠷ ᠵᠤᠷᠢᠭᠰᠠᠨ ᠵᠦᠢᠯ᠎ᠳᠦ ᠪᠡᠨ ᠵᠢᠳᠬᠦᠵᠤ ᠶᠠᠪᠤᠬᠤ᠎ᠵᠢ ᠬᠡᠯᠡᠮᠡᠷ ᠪᠠᠢᠨ᠎ᠠ》 ᠭᠡᠵᠤ ᠶᠠᠷᠢᠨ᠎ᠠ᠃ 

ᠢᠳᠡᠭᠡᠯ᠎ᠤᠨ ᠬᠦᠴᠦᠨ᠎ᠳᠦ ᠦᠢᠯᠡᠰ ᠪᠦᠲᠦᠨ᠎ᠡ

《ᠬᠦᠳᠡᠯᠮᠤᠷᠢ ᠬᠦᠮᠦᠨ᠎ᠢ ᠭᠤᠮᠤᠳᠠᠭᠠᠳᠠᠭ᠎ᠦᠭᠡᠢ》 ᠭᠡᠳᠡᠭ᠃ ᠤᠷᠠᠨ᠎ᠠ ᠎ᠵᠢᠨ ᠬᠤᠲᠠ ᠤᠷᠤᠵᠤ ᠬᠤᠭᠤᠯᠠᠨ ᠭᠡᠷ᠎ᠲᠦᠬᠦᠯᠦᠰᠦᠨ ᠠᠵᠢᠯ ᠬᠢᠵᠤ ᠪᠠᠢᠭᠰᠠᠨ ᠡᠴᠡ ᠪᠡᠨ ᠬᠤᠭᠤᠯᠠᠨ ᠭᠡᠷ ᠎ᠤᠨ ᠡᠵᠡᠨᠲᠡᠨ ᠪᠤᠯᠤᠭᠰᠠᠨ19 ᠵᠢᠯ᠎ᠤᠨ ᠲᠤᠷᠰᠢᠬᠢ ᠬᠠᠳᠠᠭᠤᠵᠢᠯᠲᠠᠢ ᠵᠢᠳᠬᠦᠯ ᠴᠢᠷᠮᠠᠢᠯᠭ᠎ᠠ ᠨᠢ ᠦᠨᠦᠳᠦᠷ᠎ᠤᠨ ᠵᠢᠷᠭᠠᠯᠲᠦ ᠠᠮᠢᠳᠤᠷᠠᠯ ᠵᠢᠡᠨ ᠴᠤᠭᠴᠠᠯᠠᠬᠤ᠎ᠳᠤᠨᠢ ᠪᠠᠲᠦ ᠪᠡᠬᠢ ᠰᠠᠭᠤᠷᠢ ᠲᠠᠯᠪᠢᠵᠤ ᠦᠭᠴᠠᠢ᠃

ᠤᠷᠠᠨ᠎ᠠ ᠪᠠᠰᠠ ᠰᠢᠯᠤᠭᠤᠨ ᠬᠦᠬᠡ ᠬᠤᠰᠢᠭᠤᠨ ᠎ᠤ  ᠰᠠᠢᠨᠬᠤᠳᠳᠤᠭ ᠰᠤᠮᠤᠨ᠎ᠤ ᠮᠠᠯᠴᠢᠳ ᠵᠢᠡᠷ ᠪᠦᠷᠢᠯᠳᠦᠭᠰᠡᠨ 《ᠨᠤᠮᠢᠨ ᠨᠤᠲᠤᠭ》 ᠰᠠᠢᠨ ᠲᠤᠷ᠎ᠠ ᠵᠢᠨ ᠬᠤᠯᠪᠤᠭᠠᠨ ᠎ᠤ ᠬᠡᠰᠢᠭᠦᠨ ᠪᠠᠢᠵᠤ᠂  ᠬᠤᠯᠪᠤᠭᠠᠨ ᠎ᠤ ᠬᠡᠰᠢᠭᠦᠳ ᠎ᠤᠨ ᠵᠢᠡᠨ ᠬᠠᠮᠲᠦ ᠤᠢᠵᠢᠭᠤᠯᠤᠯᠲᠠ᠎ᠵᠢᠨ ᠠᠵᠢᠯᠯᠠᠭ᠎ᠠ᠂ ᠬᠦᠴᠢᠷᠲᠡᠯᠳᠠᠢ ᠤᠯᠠᠨ ᠲᠦᠮᠡᠨ᠎ᠢ ᠲᠤᠰᠠᠯᠠᠨ ᠲᠡᠮᠵᠢᠬᠦ᠎ᠵᠡᠷᠭᠡ ᠠᠵᠢᠯᠯᠠᠭ᠎ᠠ ᠎ᠳᠦ ᠢᠳᠡᠪᠬᠢᠲᠠᠢ ᠤᠷᠤᠯᠴᠠᠨ ᠦᠪᠡᠷ ᠎ᠤᠨ  ᠭᠡᠰᠡᠨ ᠬᠤᠪᠢ ᠨᠡᠮᠡᠷᠢ ᠪᠡᠨ ᠦᠵᠡᠭᠦᠯᠵᠤ᠎ᠶᠠᠪᠤᠨ᠎ᠠ᠃

 

 

ᠢᠷᠡᠯᠲᠡ᠄ ᠰᠢᠯᠢ ᠵᠢᠨ ᠭᠣᠣᠯ ᠠᠢ᠌ᠮᠠᠭ᠎ᠤᠨ ᠵᠠᠬᠢᠷᠭ᠎ᠠ ᠵᠢᠨ ᠮᠣᠩᠭᠣᠯ ᠰᠦᠯᠵᠢᠶ᠎ᠡ
          
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ᠎ᠤᠨ ᠥᠪᠡᠷᠳᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠠᠴᠠ ᠭᠤᠤᠯᠴᠢᠯᠠᠨ ᠡᠷᠬᠢᠯᠡᠪᠡ 蒙ICP备06002797号