《ᠪᠢ ᠦᠨᠦ ᠵᠢᠯ 67 ᠲᠠᠢ᠂ ᠮᠢᠨᠤ ᠬᠦᠯ ᠡᠪᠡᠳᠦᠭᠡᠳ ᠤᠯᠠᠨ ᠵᠢᠯ ᠪᠤᠯᠵᠤ ᠪᠠᠢᠨ᠎ᠠ᠂ ᠶᠡᠷᠤ᠎ᠨᠢ ᠮᠡᠰᠡ ᠵᠠᠰᠠᠯ ᠬᠢᠬᠦ ᠳᠤᠬᠠᠢ ᠮᠡᠳᠡᠳᠡᠭ ᠪᠤᠯᠪᠠᠴᠤ᠂ ᠠᠢᠳᠠᠰ ᠬᠦᠷᠦᠭᠡᠳ ᠦᠵᠡᠬᠦᠯᠦᠭᠰᠡᠨ ᠦᠬᠡᠢ ᠤᠳᠠᠯ᠎ᠠ᠂ ᠡᠨᠡ ᠤᠳᠠᠭ᠎ᠠ ᠠᠷᠭ᠎ᠠ ᠦᠬᠡᠢ ᠡᠨᠳᠡ ᠢᠷᠡᠭᠡᠳ ᠦᠵᠡᠬᠦᠯᠦᠭᠰᠡᠨ ᠴᠢᠨᠢ ᠮᠡᠷᠭᠡᠨᠪᠢᠯᠢᠭ ᠡᠮᠴᠢ ᠵᠢᠴᠢ ᠪᠤᠰᠤᠳ ᠡᠮᠴᠢ ᠰᠤᠪᠢᠯᠠᠬᠴᠢ᠎ᠵᠢᠨ ᠠᠵᠢᠯ᠎ᠤᠨ ᠤᠪᠤᠷ ᠰᠤᠷᠳᠠᠯ᠎ᠢ ᠦᠵᠡᠭᠡᠳ ᠠᠶᠤᠵᠤ ᠰᠠᠨᠳᠤᠷᠬᠤ ᠰᠡᠳᠬᠢᠯ ᠨᠢᠬᠡᠮᠤᠰᠤᠨ ᠦᠬᠡᠢ ᠪᠤᠯᠤᠬᠰᠠᠨ᠂ ᠦᠴᠦᠭᠡᠳᠦᠷ ᠵᠠᠰᠠᠯᠪᠠᠰᠠ ᠮᠠᠰᠢ ᠠᠮᠵᠢᠯᠲᠠᠳᠠᠢ ᠶᠠᠪᠤᠬᠳᠠᠯ᠎ᠠ᠂ ᠡᠷᠳᠡ ᠢᠷᠡᠭᠰᠡᠨ ᠦᠭᠡᠢ᠎ᠳᠦ ᠪᠡᠨ ᠶᠡᠬᠡ ᠬᠠᠷᠠᠮᠰᠠᠵᠦ ᠪᠠᠢᠨ᠎ᠠ 》 ᠭᠡᠵᠤ ᠭᠠᠷᠤᠳᠢ ᠨᠠᠰᠤᠳᠠᠨ ᠶᠠᠷᠢᠯ᠎ᠠ᠃
ᠭᠠᠷᠤᠳᠢ ᠨᠠᠰᠤᠳᠠᠨ ᠪᠤᠯ ᠪᠠᠷᠠᠭᠤᠨ ᠦᠵᠤᠮᠤᠴᠢᠨ ᠬᠤᠰᠢᠭᠤᠨ᠎ᠤ ᠠᠵᠢᠯ ᠡᠴᠡ ᠪᠡᠨ ᠠᠮᠠᠷᠠᠬᠰᠠᠨ ᠪᠤᠯᠤᠨ᠎ᠠ᠃ ᠳᠡᠷᠡ ᠪᠡᠷ ᠳᠤᠰ ᠤᠳᠠᠭ᠎ᠠ ᠰᠢᠯᠢ᠎ᠵᠢᠨ ᠭᠤᠤᠯ ᠠᠢᠮᠠᠭ᠎ᠤᠨ ᠮᠤᠨᠭᠭᠤᠯ ᠡᠮᠨᠡᠯᠭᠡ᠎ᠵᠢᠨ ᠬᠤᠷᠢᠶᠠᠨ᠎ᠤ ᠶᠠᠰᠤ ᠰᠢᠷᠪᠤᠰᠦ᠎ᠵᠢᠨ ᠭᠡᠮᠳᠦᠯ᠎ᠤᠨ ᠰᠠᠯᠠᠭᠠᠨ᠎ᠳᠤ ᠢᠷᠡᠵᠤ ᠮᠡᠰᠡ ᠵᠠᠰᠠᠯᠵᠢᠡᠨ ᠬᠢᠵᠤ ᠳᠡᠬᠦᠨ᠎ᠢ ᠬᠦᠯᠢᠶᠡᠵᠤ ᠠᠪᠤᠬᠰᠠᠨ ᠭᠤᠤᠯᠯᠠᠬᠴᠢ ᠵᠠᠰᠠᠯ᠎ᠤᠨ ᠡᠮᠴᠢ ᠪᠤᠯ ᠮᠡᠷᠭᠡᠨᠪᠢᠯᠢᠭ ᠡᠮᠴᠢ ᠵᠢᠴᠢ ᠳᠤᠰ ᠰᠠᠯᠠᠭᠠᠨ᠎ᠤ ᠤᠯᠠᠨ ᠡᠮᠴᠢ ᠰᠤᠪᠢᠯᠠᠬᠴᠢ ᠪᠤᠯᠤᠨ᠎ᠠ᠃
ᠮᠡᠷᠭᠡᠨᠪᠢᠯᠢᠭ ᠰᠢᠯᠢ᠎ᠵᠢᠨ ᠭᠤᠤᠯ ᠠᠢᠮᠠᠭ᠎ᠤᠨ ᠰᠦᠨᠢᠳ ᠵᠡᠭᠦᠨ ᠬᠤᠰᠢᠭᠤᠨ᠎ᠤ ᠳᠠᠯᠠᠢ ᠰᠤᠮᠤ ᠪᠡᠷ ᠨᠤᠲᠤᠭ ᠲᠠᠢ᠃ 2012 ᠤᠨ ᠳᠦ ᠦᠪᠦᠷ ᠮᠤᠨᠭᠭᠤᠯ᠎ᠤᠨ ᠦᠨᠳᠦᠰᠦᠲᠡᠨ᠎ᠤ ᠶᠡᠬᠡ ᠰᠤᠷᠭᠠᠭᠤᠯᠢ᠎ᠵᠢᠨ ᠠᠰᠫᠢᠷᠡᠨᠲ ᠵᠢᠡᠷ ᠲᠡᠭᠦᠰᠴᠦ ᠰᠢᠯᠢ ᠵᠢᠨ ᠭᠤᠤᠯ ᠠᠢᠮᠠᠭ᠎ᠤᠨ ᠮᠤᠨᠭᠭᠤᠯ ᠡᠮᠨᠡᠯᠭᠡ᠎ᠵᠢᠨ ᠬᠤᠷᠢᠶᠠᠨ᠎ᠤ ᠶᠠᠰᠤᠨ᠎ᠤ ᠰᠠᠯᠠᠭᠠᠨ᠎ᠳᠦ ᠠᠵᠢᠯ᠎ᠤᠨ ᠭᠠᠷᠤᠭ᠎ᠠ ᠪᠡᠨ ᠠᠪᠴᠦ 14 ᠵᠢᠯ ᠬᠠᠳᠠᠭᠤᠵᠢᠯᠲᠠᠢ ᠴᠢᠷᠮᠠᠢᠨ ᠠᠵᠢᠯᠯᠠᠵᠤ ᠤᠳᠤ ᠰᠢᠯᠢ᠎ᠵᠢᠨ ᠭᠤᠤᠯ ᠠᠢᠮᠠᠭ᠎ᠤᠨ ᠮᠤᠨᠭᠭᠤᠯ ᠡᠮᠨᠡᠯᠭᠡ᠎ᠵᠢᠨ ᠬᠤᠷᠢᠶᠠᠨ᠎ᠤ ᠶᠠᠰᠤ ᠰᠢᠷᠪᠤᠰᠦ᠎ᠵᠢᠨ ᠭᠡᠮᠳᠦᠯ᠎ᠤᠨ ᠰᠠᠯᠠᠭᠠᠨ᠎ᠤ ᠡᠷᠬᠢᠯᠡᠭᠴᠢ ᠡᠮᠴᠢ ᠪᠡᠷ ᠠᠵᠢᠯᠯᠠᠵᠤ ᠪᠤᠢ᠃
ᠪᠢᠳᠡᠢ ᠬᠦᠷᠬᠦ ᠪᠡᠷ ᠲᠡᠷᠡ ᠵᠤᠷᠰᠢᠯ ᠶᠤᠰᠤᠭᠠᠷ ᠡᠪᠡᠳᠴᠢᠲᠡᠨ᠎ᠤ ᠦᠷᠦᠭᠡ ᠪᠡᠷ ᠲᠤᠭᠤᠷᠢᠨ ᠵᠠᠰᠠᠯ ᠬᠢᠭᠰᠡᠨ ᠡᠪᠡᠳᠴᠢᠲᠡᠨ ᠵᠢᠡᠨ ᠡᠷᠬᠢᠨ ᠦᠵᠡᠵᠤ ᠪᠠᠢᠳᠠᠯ᠎ᠢ ᠨᠢ ᠨᠢᠭᠡ ᠨᠢᠭᠡ ᠪᠡᠷ ᠠᠰᠠᠭᠤᠨ ᠰᠤᠷᠠᠵᠤ ᠰᠤᠪᠢᠯᠠᠯᠲᠠ᠎ᠵᠢᠨ ᠲᠠᠷᠠᠭᠠᠬᠢ ᠠᠨᠭᠬᠠᠷᠬᠤ ᠵᠦᠢᠯ᠎ᠢ ᠨᠢ ᠲᠤᠳᠤᠷᠬᠠᠢ ᠵᠠᠬᠢᠵᠤ ᠰᠠᠨᠠᠭᠤᠯᠤᠨ᠎ᠠ᠃ ᠡᠨᠡ ᠪᠤᠯ ᠲᠡᠭᠦᠨ᠎ᠤ ᠠᠷᠪᠠᠭᠠᠳ ᠵᠢᠯ᠎ᠤᠨ ᠲᠤᠷᠰᠢᠬᠢ ᠠᠵᠢᠯ᠎ᠤᠨ ᠵᠤᠷᠰᠢᠯ᠂ ᠡᠪᠡᠳᠴᠢᠲᠡᠨ᠎ᠳᠦ ᠪᠡᠨ ᠬᠠᠨᠳᠤᠬᠤ ᠠᠵᠢᠯ᠎ᠤᠨ ᠬᠠᠷᠢᠭᠤᠴᠠᠯᠭᠠᠲᠤ ᠤᠪᠤᠷ ᠰᠤᠷᠲᠠᠯ ᠪᠤᠯᠤᠨ᠎ᠠ᠃ ᠡᠢᠮᠤᠷᠬᠦᠤ ᠨᠠᠮᠤᠭ᠎ᠤᠨ ᠲᠤᠭᠲᠠᠭᠤᠨ᠂ ᠬᠠᠯᠠᠭᠤᠨ ᠲᠤᠲᠤᠨᠤᠰᠤᠭ ᠡᠮᠴᠢᠯᠡᠭᠡᠨ᠎ᠤ ᠤᠪᠤᠷ ᠰᠤᠷᠲᠠᠯ ᠨᠢ ᠲᠡᠭᠦᠨ᠎ᠢ ᠵᠤᠷᠢᠵᠤ ᠢᠷᠡᠭᠰᠡᠨ ᠡᠪᠡᠳᠴᠢᠲᠡᠨ ᠪᠦᠷᠢᠳᠦ ᠰᠡᠳᠬᠢᠯ ᠰᠠᠨᠠᠭᠠᠨ ᠲᠡᠭᠡᠷ᠎ᠡ ᠨᠢ ᠶᠡᠬᠡᠬᠡᠨ ᠲᠠᠢᠳᠬᠤᠷᠠᠭᠤᠯᠤᠯ ᠪᠤᠯᠵᠤ ᠤᠳᠠᠭ᠎ᠠ ᠪᠦᠷᠢ᠎ᠵᠢᠨ ᠮᠡᠰᠡ ᠵᠠᠰᠠᠯ ᠨᠢ ᠮᠠᠰᠢ ᠠᠮᠵᠢᠯᠲᠠᠳᠠᠢ ᠶᠠᠪᠤᠭᠳᠠᠳᠠᠭ ᠪᠠᠢᠵᠤ ᠭᠠᠷᠤᠳᠢ ᠨᠠᠰᠤᠳᠠᠨ ᠪᠤᠯ ᠳᠡᠳᠡᠭᠡᠷ᠎ᠤᠨ ᠳᠤᠳᠤᠷᠠᠬᠢ ᠨᠢᠬᠡᠨ ᠡᠪᠡᠳᠴᠢᠳᠡᠨ ᠨᠢ ᠪᠤᠯᠤᠨ᠎ᠠ᠃
ᠰᠢᠯᠢ᠎ᠵᠢᠨ ᠭᠤᠤᠯ ᠠᠢᠮᠠᠭ᠎ᠤᠨ ᠮᠤᠡᠭᠭᠤᠯ ᠡᠮᠨᠡᠯᠭᠡ᠎ᠵᠢᠨ ᠬᠤᠷᠢᠶᠠᠨ᠎ᠤ ᠶᠠᠰᠤ ᠰᠢᠷᠪᠦᠰᠤ ᠵᠢᠨ ᠬᠡᠮᠳᠤᠯ᠎ᠤᠨ ᠰᠠᠯᠠᠭ᠎ᠠ ᠨᠢ ᠦᠶ᠎ᠡ ᠬᠡᠰᠢᠭᠦᠤ ᠵᠢᠨ ᠲᠤᠷᠠᠨᠤ ᠲᠤᠤᠷ᠎ᠠ ᠪᠢᠴᠢᠯ ᠱᠢᠷᠬᠠᠯᠠᠭᠠ ᠪᠡᠷ ᠡᠪᠦᠳᠦᠭ᠎ᠤᠨ ᠦᠶ᠎ᠡ ᠬᠡᠰᠢᠭᠦᠤ ᠵᠢᠨ ᠰᠢᠷ᠎ᠠ ᠤᠰᠤᠨᠡᠪᠡᠳᠴᠢᠨ᠂ ᠰᠢᠷᠪᠤᠰᠦᠨᠤ ᠬᠡᠮᠳᠦᠯ᠂ ᠮᠦᠷᠦᠨ᠎ᠤ ᠦᠶ᠎ᠡ᠎ᠵᠢᠨ ᠬᠤᠶᠠᠨᠭ ᠡᠪᠡᠳᠴᠢᠨ᠂ ᠪᠢᠴᠢᠯ ᠰᠢᠷᠬᠠᠯᠭ᠎ᠠ ᠪᠡᠷ ᠡᠪᠦᠳᠦᠭ᠎ᠤᠨ ᠦᠶ᠎ᠡ ᠰᠤᠯᠢᠬᠤ ᠂ ᠰᠡᠭᠦᠵᠢᠨ ᠦᠶ᠎ᠡ ᠰᠤᠯᠢᠬᠤ ᠵᠠᠰᠠᠯ ᠵᠢᠴᠢ ᠬᠦᠵᠤᠭᠦᠤ ᠨᠢᠷᠤᠭᠤᠨ᠎ᠤ ᠬᠤᠶᠠᠩ ᠡᠪᠡᠳᠴᠢᠨ᠂ ᠲᠦᠷᠪᠡᠨ ᠮᠦᠴᠢ᠎ᠵᠢᠨ ᠡᠯ᠎ᠡ ᠲᠦᠷᠦᠯ᠎ᠤᠨ ᠶᠠᠰᠤᠨ᠎ᠤ ᠬᠤᠭᠤᠷᠠᠯ᠂ ᠮᠤᠯᠳᠤᠷᠠᠯᠢ ᠭᠠᠷ ᠠᠪᠤᠯᠭ᠎ᠠ ᠪᠡᠷ ᠤᠷᠤᠭᠰᠢᠯᠠᠭᠤᠯᠵᠤ ᠪᠠᠷᠢᠬᠤ ᠵᠡᠷᠭᠡ ᠵᠠᠰᠠᠯ᠎ᠢ ᠤᠯᠠᠨ ᠬᠢᠳᠡᠭ᠃ ᠨᠡᠡᠭ ᠴᠦ᠍ ᠡᠪᠤᠳᠦᠭ᠎ᠤᠨ ᠦᠶ᠎ᠠ ᠬᠡᠰᠢᠬᠦᠨ᠎ᠤ ᠰᠢᠷ᠎ᠠ ᠤᠰᠤᠨ ᠡᠪᠡᠳᠴᠢᠨ᠎ᠤ ᠮᠡᠰᠡ ᠵᠠᠰᠠᠯ᠎ᠢ ᠤᠯᠠᠨ ᠬᠢᠵᠤ ᠨᠡᠢᠳᠡ ᠤᠯᠠᠨ᠎ᠳᠤ ᠪᠡᠨ ᠮᠡᠳᠡᠷᠡᠭᠳᠡᠭᠰᠡᠨ ᠪᠠᠢᠳᠠᠬ᠃ ᠭᠠᠬᠴᠠ ᠮᠡᠷᠭᠡᠨᠪᠢᠯᠢᠭ ᠡᠮᠴᠢ᠎ᠵᠢᠨ ᠮᠡᠰᠡ ᠵᠠᠰᠠᠯ ᠬᠢᠭᠰᠡᠨ ᠪᠠᠢᠳᠠᠯ ᠡᠴᠡ ᠠᠪᠴᠤ ᠦᠵᠡᠪᠡᠯ ᠳᠡᠷᠡ ᠪᠡᠷ ᠭᠤᠤᠯ ᠵᠠᠰᠠᠯ᠎ᠤᠨ ᠡᠮᠴᠢ ᠪᠤᠯᠤᠬᠰᠠᠨ ᠡᠴᠡ ᠨᠠᠭᠠᠰᠢ ᠡᠪᠤᠳᠦᠭ ᠤᠨ ᠦᠶ᠎ᠡ ᠵᠢᠨ ᠰᠢᠷ᠎ᠠ ᠤᠰᠤᠨ ᠡᠪᠡᠳᠴᠢᠨ᠎ᠤ ᠵᠠᠰᠠᠯ᠂ ᠰᠢᠷᠪᠤᠰᠦᠨᠤ ᠬᠡᠮᠳᠦᠯ ᠵᠢᠴᠢ ᠪᠤᠰᠤᠳ ᠲᠦᠷᠦᠯ᠎ᠤᠨ ᠶᠠᠰᠤᠨ᠎ᠤ ᠵᠠᠰᠠᠯ ᠢ ᠨᠡᠢᠲᠡ2000 ᠢᠯᠡᠭᠦᠤ ᠤᠳᠠᠭ᠎ᠠ ᠬᠢᠭᠰᠡᠨ ᠪᠠᠢᠨ᠎ᠠ᠃ ᠮᠡᠷᠭᠡᠨᠪᠢᠯᠢᠭ ᠡᠮᠴᠢ ᠦᠪᠡᠷᠵᠢᠡᠨ ᠨᠢᠭᠡ ᠡᠷᠬᠢᠯᠡᠭᠴᠢ ᠡᠮᠴᠢ ᠪᠤᠯᠤᠬᠰᠠᠨ᠎ᠤ ᠬᠤᠪᠢ᠎ᠳᠤ ᠡᠮᠴᠢᠯᠡᠭᠡᠨ᠎ᠤ ᠮᠡᠳᠡᠯᠭᠡ ᠮᠡᠷᠭᠡᠵᠢᠯ ᠵᠢᠡᠨ ᠤᠯᠠᠮ ᠰᠠᠢᠨ ᠲᠡᠭᠡᠭᠰᠢᠯᠡᠭᠦᠯᠬᠦ᠎ᠵᠢᠨ ᠲᠦᠯᠦᠭᠡ ᠤᠷᠢᠳ ᠬᠤᠵᠢᠳ ᠪᠡᠭᠡᠵᠢᠨᠭ ᠶᠡᠬᠡ ᠰᠤᠷᠭᠠᠭᠤᠯᠢ᠎ᠵᠢᠨ ᠭᠤᠷᠪᠠᠳᠤᠭᠠᠷ ᠬᠠᠷᠢᠶᠠᠲᠦ ᠡᠮᠨᠡᠯᠭᠡ᠎ᠵᠢᠨ ᠬᠤᠷᠢᠶ᠎ᠠ᠂ ᠦᠪᠦᠷ ᠮᠤᠨᠭᠭᠤᠯ᠎ᠤᠨ ᠠᠨᠠᠭᠠᠬᠤ ᠤᠬᠠᠭᠠᠨ᠎ᠤ ᠶᠡᠬᠡ ᠰᠤᠷᠭᠠᠭᠤᠯᠢ᠎ᠵᠢᠨ ᠬᠤᠶᠠᠳᠤᠭᠠᠷ ᠬᠠᠷᠢᠶᠠᠲᠤ ᠡᠮᠨᠡᠯᠭᠡ᠎ᠵᠢᠨ ᠬᠤᠷᠢᠶ᠎ᠠ᠂ ᠪᠡᠭᠡᠵᠢᠨᠭ᠎ᠤᠨ ᠵᠢᠢ ᠱᠦᠢ ᠲᠠᠨ ᠡᠮᠨᠡᠯᠭᠡ᠎ᠵᠢᠨ ᠬᠤᠷᠢᠶ᠎ᠠ ᠵᠡᠷᠭᠡ ᠤᠯᠤᠰ᠎ᠤᠨ ᠲᠡᠷᠢᠭᠦᠨ ᠲᠡᠰ᠎ᠤᠨ ᠡᠮᠨᠡᠯᠭᠡ᠎ᠵᠢᠨ ᠬᠤᠷᠢᠶᠠᠨ᠎ᠳᠦ ᠤᠯᠠᠨ ᠤᠳᠠᠭ᠎ᠠ ᠲᠠᠪᠳᠠᠨ ᠪᠤᠯᠪᠠᠰᠤᠷᠠᠵᠤ ᠠᠵᠢᠯᠯᠠᠨ ᠦᠪᠡᠷ᠎ᠤᠨ ᠬᠠᠮᠳᠤ ᠠᠵᠢᠯᠯᠠᠭᠴᠢ ᠪᠡᠨ ᠪᠠᠰᠠ ᠦᠷᠬᠦᠯᠵᠢ᠎ᠵᠢᠨ ᠴᠢᠨᠠᠷᠳᠡᠢ ᠳᠠᠪᠳᠠᠨ ᠪᠤᠯᠪᠠᠰᠤᠷᠠᠬᠤ᠎ᠵᠢ ᠨᠢ ᠳᠡᠮᠵᠢᠵᠤ ᠵᠤᠷᠢᠬᠵᠢᠭᠤᠯᠵᠤ ᠪᠠᠢᠳᠠᠬ᠃
ᠮᠡᠷᠭᠡᠨᠪᠢᠯᠢᠭ᠄ 《ᠤᠳᠤ ᠴᠢᠨᠢ ᠮᠠᠨ᠎ᠤ ᠡᠨᠡ ᠭᠠᠵᠠᠷ ᠤᠷᠤᠨ᠎ᠳᠤ ᠡᠪᠤᠳᠦᠭ᠎ᠤᠨ ᠦᠶ᠎ᠠ᠎ᠵᠢᠨ ᠵᠠᠰᠠᠯ ᠬᠢᠳᠡᠭ ᠬᠦᠮᠦᠨ ᠤᠯᠠᠨ ᠪᠤᠯᠤᠬᠰᠠᠨ᠂ ᠳᠤᠰᠬᠠᠢ ᠡᠷᠢᠭᠡᠳ ᠢᠷᠡᠳᠡᠭ ᠬᠦᠮᠦᠨ ᠪᠠᠰᠠ ᠪᠠᠢᠨ᠎ᠠ᠃ ᠶᠠᠭᠤ ᠪᠤᠯᠤᠬᠰᠠᠨ ᠴᠦ᠍ ᠡᠨᠡ ᠵᠠᠰᠠᠯ ᠢᠬᠢᠬᠦᠳᠤ ᠮᠠᠨ᠎ᠤ ᠰᠠᠯᠠᠭᠠᠨ᠎ᠤ ᠪᠦᠬᠦᠢᠯᠡ ᠡᠮᠴᠢ ᠰᠤᠪᠢᠯᠠᠬᠴᠢ᠎ᠵᠢᠨ ᠬᠠᠮᠳᠤ᠎ᠵᠢᠨ ᠬᠦᠴᠤ ᠬᠦᠳᠡᠯᠮᠦᠷᠢ᠎ᠳᠤ ᠶᠠᠪᠤᠬᠳᠠᠳᠠᠬ᠂ ᠪᠦᠬᠦᠳᠡᠭᠡᠷ ᠦᠪᠡᠷ ᠦᠪᠡᠷ᠎ᠤᠨ ᠬᠤᠪᠢᠳᠠᠬᠰᠠᠨ ᠠᠵᠢᠯ᠎ᠵᠢᠡᠨ ᠴᠢᠨᠠᠷᠳᠡᠢ ᠬᠢᠬᠦ ᠦᠶ᠎ᠠ᠎ᠳᠤ ᠮᠡᠰᠡ ᠵᠠᠰᠠᠯ ᠴᠦ᠍ ᠮᠠᠰᠢ ᠤᠷᠤᠬᠰᠢᠳᠡᠢ ᠪᠤᠯᠳᠠᠬ᠂ ᠪᠠᠰᠠ ᠨᠢᠭᠡ ᠬᠠᠮᠤᠭ ᠴᠢᠬᠤᠯᠠ ᠨᠢ ᠡᠪᠡᠳᠴᠢᠳᠡᠨ ᠮᠡᠰᠡ ᠵᠠᠰᠠᠯ ᠬᠡᠬᠦ ᠦᠶ᠎ᠠ ᠪᠡᠷ ᠮᠠᠰᠢ ᠠᠶᠤᠳᠠᠬ᠂ ᠪᠢᠳᠡ ᠵᠠᠪᠠᠯ ᠰᠡᠳᠬᠢᠯ ᠰᠠᠨᠠᠭᠠᠨ᠎ᠳᠤ ᠨᠢ ᠳᠠᠷᠤᠭᠠᠰᠤ ᠦᠭᠬᠦ ᠦᠬᠡᠢ ᠪᠠᠢᠬᠤ᠎ᠵᠢ ᠬᠢᠴᠢᠶᠡᠵᠤ ᠨᠢᠬᠡᠳᠤᠬᠡᠷ ᠠᠯᠬᠤᠮ᠎ᠳᠤ ᠰᠡᠳᠬᠢᠯ ᠰᠠᠨᠠᠭᠠᠨ᠎ᠤ ᠳᠠᠢᠳᠬᠤᠷᠠᠭᠤᠯᠤᠯᠤᠨ ᠬᠢᠴᠢᠶᠠᠯ ᠤᠷᠤᠳᠠᠬ》 ᠭᠡᠵᠤ ᠶᠠᠷᠢᠯ᠎ᠠ᠃
《ᠮᠡᠷᠭᠡᠨᠪᠢᠯᠢᠭ ᠡᠮᠴᠢ ᠪᠢᠳᠡᠨ᠎ᠢ ᠡᠪᠡᠳᠴᠢᠳᠡᠨ᠎ᠳᠤ ᠪᠡᠨ ᠰᠠᠢᠬᠠᠨ ᠬᠠᠨᠳᠤᠵᠤ ᠶᠠᠮᠠᠷ᠎ᠴᠤ ᠪᠠᠢᠳᠠᠯ᠎ᠳᠤ ᠰᠡᠳᠬᠢᠯ ᠰᠠᠨᠠᠭᠠᠤ ᠳᠠᠷᠤᠭᠠᠰᠤ ᠦᠬᠡᠢ ᠪᠠᠢᠯᠭᠠᠬᠤ ᠬᠡᠷᠡᠭᠳᠡᠢ᠂ ᠡᠪᠡᠳᠴᠢᠲᠡᠨ ᠰᠡᠳᠬᠢᠯ ᠰᠠᠨᠠᠭ᠎ᠠ ᠲᠠᠢᠪᠤᠨᠭ ᠪᠠᠢᠬᠤ ᠨᠢ ᠵᠠᠰᠠᠯ᠎ᠤᠨ ᠲᠠᠷᠠᠭᠠᠬᠢ ᠡᠳᠡᠭᠡᠷᠡᠯᠲᠡ ᠰᠤᠪᠢᠯᠠᠯᠲᠠ᠎ᠵᠢ ᠰᠢᠭᠤᠳ ᠨᠦᠯᠦᠭᠡᠯᠡᠨ᠎ᠡ ᠭᠡᠵᠤ ᠵᠠᠬᠢᠵᠤ ᠰᠠᠨᠠᠭᠤᠯᠳᠠᠭ 》 ᠭᠡᠵᠤ ᠲᠤᠰ ᠰᠠᠯᠠᠭᠠᠨ᠎ᠤ ᠰᠤᠪᠢᠯᠠᠭᠴᠢ᠎ᠵᠢᠨ ᠲᠠᠷᠤᠭ᠎ᠠ ᠮᠸᠢ ᠯᠢᠨᠭ ᠶᠠᠷᠢᠨ᠎ᠠ᠃
ᠤᠢᠯᠠᠭᠠᠭᠰᠠᠨ ᠵᠢᠡᠷ ᠮᠡᠷᠭᠡᠨᠪᠢᠯᠢᠭ ᠭᠠᠷᠠᠭ᠎ᠲᠦ ᠭᠤᠷᠪᠠᠨ ᠡᠳᠤᠷ ᠵᠠᠰᠠᠯ᠎ᠤᠨ ᠭᠡᠷ᠎ᠲᠦ᠂ ᠬᠤᠶᠠᠷ ᠡᠳᠤᠷ ᠡᠭᠦᠳᠡᠨ ᠡᠮᠨᠡᠯᠭᠡ᠎ᠳᠦ ᠠᠵᠢᠯᠯᠠᠨ ᠭᠠᠷᠠᠭ᠎ᠲᠦ ᠲᠡᠭᠰᠢᠳᠬᠡᠭᠡᠳ ᠪᠠᠷᠤᠭ ᠠᠷᠪᠠᠨ ᠬᠡᠲᠦᠨ ᠵᠠᠰᠠᠯ ᠬᠢᠳᠡᠭ᠃ ᠲᠡᠷᠡ ᠮᠡᠰᠡ ᠵᠠᠰᠠᠯ᠎ᠤᠨ ᠲᠠᠢᠰᠠᠨ᠎ᠳᠦ ᠠᠯᠬᠤᠮ ᠪᠦᠷᠢᠳᠦ ᠨᠢᠮᠪᠠᠢ ᠬᠠᠨᠳᠤᠨ ᠡᠪᠡᠳᠴᠢᠲᠡᠨ᠎ᠤ ᠪᠡᠨ ᠠᠮᠤᠷ ᠲᠦᠪᠰᠢᠨ᠎ᠳᠦ ᠬᠠᠷᠢᠭᠤᠴᠠᠬᠤ ᠵᠢ ᠲᠡᠷᠢᠭᠦᠨ ᠪᠠᠢᠷᠢᠨ᠎ᠳᠦ ᠲᠠᠯᠪᠢᠳᠠᠭ ᠪᠠᠢᠯ᠎ᠠ᠃ ᠡᠢᠨᠬᠦ ᠠᠷᠪᠠᠭᠠᠳ ᠵᠢᠯ᠎ᠤᠨ ᠰᠢᠷᠭᠠᠭᠤ ᠬᠠᠳᠠᠭᠤᠵᠢᠯᠲᠠᠢ ᠠᠵᠢᠯ᠎ᠤᠨ ᠲᠤᠷᠰᠢᠯᠭ᠎ᠠ᠂ ᠰᠤᠷᠤᠯᠴᠠᠯᠭ᠎ᠠ ᠪᠤᠯᠪᠠᠰᠤᠷᠠᠯ ᠨᠢ ᠦᠨᠦᠳᠦᠷ᠎ᠤᠨ ᠡᠮ ᠡᠮᠴᠢᠯᠡᠭᠡᠨ᠎ᠤ ᠮᠡᠳᠡᠯᠭᠡ ᠮᠡᠷᠭᠡᠵᠢᠯ᠎ᠤᠨ ᠬᠢᠨ ᠪᠠᠲᠤ ᠰᠠᠭᠤᠷᠢ᠂ ᠮᠡᠰᠡ ᠵᠠᠰᠠᠯ᠎ᠤᠨ ᠲᠠᠢᠰᠠᠨ ᠲᠡᠭᠡᠷᠡᠬᠢ ᠢᠳᠡᠭᠡᠯ ᠵᠤᠷᠢᠭ᠂ ᠲᠦᠯᠬᠢᠴᠡ ᠬᠦᠴᠦᠨ ᠨᠢ ᠪᠤᠯᠵᠤ ᠦᠷᠭᠡᠨ ᠤᠯᠠᠨ ᠡᠪᠡᠳᠴᠢᠲᠡᠨ᠎ᠳᠦ ᠪᠡᠨ ᠬᠦᠷᠢᠶᠡᠯᠡᠭᠳᠡᠨ ᠬᠦᠨᠳᠦᠯᠡᠭᠳᠡᠵᠤ ᠤᠷᠢᠳ ᠬᠤᠵᠢᠳ ᠦᠪᠡᠷᠲᠡᠭᠡᠨ ᠵᠠᠰᠠᠬᠤ ᠤᠷᠤᠨ᠎ᠤ ᠡᠮᠴᠢ᠂ ᠰᠢᠯᠢ᠎ᠵᠢᠨ ᠭᠤᠤᠯ ᠠᠢᠮᠠᠭ᠎ᠤᠨ 《5.1》᠎ᠤ ᠬᠦᠳᠡᠯᠮᠤᠷᠢ᠎ᠵᠢᠨ ᠂ ᠰᠢᠯᠢᠳᠡᠭ ᠵᠢᠭᠠᠨ ᠵᠢᠯᠤᠭᠤᠳᠤᠭᠴᠢ ᠵᠡᠷᠭᠡ ᠤᠯᠠᠨ ᠰᠠᠢᠬᠠᠨ ᠢᠷᠠᠭᠤ ᠠᠯᠳᠠᠷ᠎ᠢ ᠬᠦᠷᠲᠡᠵᠤ ᠢᠷᠡᠵᠠᠢ᠃